ᠤᠩᠭᠤᠨ ᠠᠭᠤᠯᠠ ᠰᠤᠮᠤᠨ ᠤ ᠳᠠᠪᠤᠰᠤᠨ ᠭᠤᠤᠯ ᠭᠠᠴᠠᠭ᠎ᠠ ᠪᠠᠷ ᠨᠤᠲᠤᠭᠳᠠᠢ ᠮᠠᠯᠴᠢᠨ ᠳᠡᠬᠦᠰᠪᠠᠭᠠᠳᠤᠷ ᠬᠡᠷᠬᠡᠢ | ᠢᠷᠠᠭᠤᠬᠠᠨ ᠲᠠᠢ ᠪᠠᠨ ᠬᠤᠶᠠᠭᠤᠯᠠ ᠠᠵᠢᠯ ᠠᠮᠢᠳᠤᠷᠠᠯ᠂ ᠦᠢᠯᠡᠰ ᠬᠦᠬᠡᠬᠡᠴᠡᠯᠳᠦᠯ ᠬᠡᠪᠡᠯ ᠭᠠᠷ ᠳᠡᠩᠴᠡᠭᠰᠡᠨ ᠨᠢᠬᠡᠨ | ᠬᠤᠤᠰ ᠶᠤᠮᠰᠠᠨ᠃ ᠬᠦᠳᠡᠭᠡ ᠪᠠᠨ 100 ᠭᠠᠷᠤᠢ ᠬᠤᠨᠢ᠂ ᠳᠦᠴᠢᠬᠡᠳ ᠦᠬᠡᠷ ᠢᠶᠠᠨ ᠮᠠᠯᠵᠢᠬᠤ ᠶᠢᠨ ᠵᠡᠷᠬᠡᠪᠡᠷ | ᠳᠡᠬᠦᠰᠪᠠᠭᠠᠳᠤᠷ ᠳᠡᠬᠡᠬᠡᠪᠤᠷᠢ ᠶᠢᠨ ᠳᠡᠷᠬᠡ ᠬᠦᠶᠦᠵᠦ ᠠᠷᠠᠯᠵᠢᠶ᠎ᠠ ᠬᠢᠵᠤ 2018 ᠤᠨ ᠳᠤ ᠬᠤᠷᠢᠭᠠᠳ ᠲᠦᠮᠡᠨ ᠳᠦᠬᠦᠷᠢᠭ | ᠤᠨ ᠪᠡᠯᠡ ᠵᠠᠷᠤᠴᠠᠭᠤᠯᠵᠦ᠂ ᠮᠤᠩᠭᠤᠯ ᠨᠤᠮ ᠪᠢᠴᠢᠭ᠂ ᠦᠨᠳᠦᠰᠦᠳᠡᠨ ᠤ ᠤᠨᠴᠠᠯᠢᠭ ᠲᠠᠢ ᠭᠠᠷ ᠤᠷᠠᠯᠠᠯ ᠤᠨ | ᠪᠦᠳᠦᠬᠡᠭᠳᠡᠬᠦᠨ ᠬᠤᠳᠠᠯᠳᠤᠬᠤ ᠪᠠᠷ ᠭᠤᠤᠯᠳᠠᠭᠤᠯᠤᠭᠰᠠᠨ ︽ᠠᠮᠤᠷ ᠪᠠᠶᠠᠰᠬᠤᠯᠠᠩ ᠮᠤᠩᠭᠤᠯ ᠵᠠᠬ᠎ᠠ︾ ᠬᠤᠳᠠᠯᠳᠤᠭ᠎ᠠ ᠪᠠᠨ | ᠰᠢᠨᠡᠪᠤᠯᠠᠭ ᠪᠠᠯᠭᠠᠰᠤᠨ ᠳᠤ ᠡᠷᠬᠢᠯᠡᠵᠦ᠂ ᠤᠯᠠᠨ ᠠᠷᠭ᠎ᠠ ᠵᠠᠮ ᠢᠶᠠᠷ ᠤᠷᠤᠯᠭ᠎ᠠ ᠡᠬᠦᠳᠬᠦ ᠪᠠᠷ ᠴᠢᠷᠮᠠᠶᠢᠵᠠᠢ᠃ | ᠳᠡᠬᠦᠰᠪᠠᠭᠠᠳᠤᠷ ᠪᠠᠭ᠎ᠠ ᠠᠴᠠ ᠪᠠᠨ ᠨᠤᠮ ᠤᠩᠰᠢᠬᠤ ᠳᠤᠷ᠎ᠠ ᠪᠠᠬ᠎ᠠ ᠲᠠᠢ᠂ ᠵᠠᠪ ᠴᠢᠯᠦᠬᠡ ᠯᠠ ᠤᠯᠳᠠᠪᠠᠯ ᠮᠤᠩᠭᠤᠯ | ᠦᠨᠳᠦᠰᠦᠳᠡᠨ ᠤ ᠪᠠᠨ ᠳᠡᠦᠬᠡ᠂ ᠤᠷᠠᠨ ᠵᠤᠬᠢᠶᠠᠯ᠂ ᠠᠮᠠᠨ ᠵᠤᠬᠢᠶᠠᠯ ᠤᠨ ᠳᠤᠬᠠᠢ ᠤᠯᠠᠨ ᠰᠠᠶᠢᠬᠠᠨ ᠨᠤᠮ ᠤᠩᠰᠢᠵᠦ | ᠰᠠᠭᠤᠳᠠᠭ ᠨᠤᠮ ᠤᠨ ᠬᠤᠷᠤᠬᠠᠶᠢᠳᠠᠨ ᠪᠤᠯᠤᠨ᠎ᠠ᠃ ᠨᠠᠰᠤᠨ ᠪᠠᠭ᠎ᠠ ᠠᠴᠠ ᠪᠠᠨ ᠡᠬᠢᠯᠡᠵᠦ ᠬᠡᠷ ᠲᠤ ᠪᠠᠨ ᠠᠷᠪᠢᠨ ᠰᠠᠶᠢᠬᠠᠨ | ᠮᠤᠩᠭᠤᠯ ᠨᠤᠮ ᠬᠠᠳᠠᠭᠠᠯᠠᠵᠦ ᠶᠠᠪᠤᠭᠰᠠᠨ ᠳᠡᠷᠡᠪᠡᠷ ᠠᠶᠢᠯ ᠭᠡᠷ ᠪᠤᠯᠤᠭᠰᠠᠨ ᠤ ᠪᠠᠨ ᠳᠠᠷᠠᠭ᠎ᠠ ᠦᠪᠡᠷ ᠤᠨ ᠬᠡᠬᠦ ᠨᠤᠮ ᠤᠨ | ᠳᠡᠯᠬᠡᠬᠦᠷ ᠲᠠᠢ ᠪᠤᠯᠵᠦ᠂ ᠰᠢᠨ᠎ᠡ ᠰᠢᠨ᠎ᠡ ᠬᠡᠪᠯᠡᠯ ᠳᠤ ᠭᠠᠷᠴᠦ ᠪᠠᠶᠢᠭ᠎ᠠ ᠨᠤᠮ ᠢ ᠠᠯᠳᠠᠯ ᠦᠬᠡᠢ ᠤᠩᠰᠢᠨ | ᠴᠤᠭᠯᠠᠭᠤᠯᠤᠭᠰᠠᠭᠠᠷ ᠢᠷᠡᠵᠠᠢ᠃ ᠰᠤᠷᠤᠭᠴᠢ ᠪᠠᠭᠠᠴᠤᠳ ᠲᠤ ᠵᠤᠷᠢᠭᠤᠯᠤᠭᠰᠠᠨ ᠦᠯᠢᠬᠡᠷ ᠤᠨ ᠨᠤᠮ᠂ ᠤᠨᠢᠰᠤᠭ᠎ᠠ᠂ ᠵᠦᠢᠷ | ᠰᠡᠴᠡᠨ ᠦᠬᠡ ᠶᠢᠨ ᠳᠡᠬᠦᠪᠤᠷᠢ ᠠᠴᠠ ᠭᠠᠳᠠᠨ᠎ᠠ ᠲᠤᠮᠤᠴᠤᠤᠯ ᠤᠨ ᠳᠤᠷ᠎ᠠ ᠪᠠᠬ᠎ᠠ ᠲᠠᠢ ᠦᠷᠬᠦᠯᠵᠢᠯᠡᠭᠰᠡᠨ ᠦᠬᠡ ᠶᠢᠨ | ᠵᠤᠬᠢᠶᠠᠯ᠂ ᠷᠤᠮᠠᠨ᠂ ᠠᠷᠠᠳ ᠤᠨ ᠠᠮᠠᠨ ᠵᠤᠬᠢᠶᠠᠯ ᠤᠨ ᠨᠤᠮ ᠪᠢᠴᠢᠭ ᠢ ᠴᠤ ᠳᠡᠯᠭᠡᠨ ᠬᠤᠳᠠᠯᠳᠤᠳᠠᠭ ᠠᠴᠠ ᠰᠤᠷᠤᠭᠴᠢ | ᠪᠠᠭᠠᠴᠤᠳ ᠠᠴᠠ ᠡᠬᠢᠯᠡᠭᠡᠳ ᠭᠡᠷ ᠤᠨ ᠠᠬᠠᠮᠠᠳ ᠲᠤᠮᠤᠴᠤᠤᠯ ᠴᠤ ᠦᠷᠬᠦᠯᠵᠢ ᠬᠦᠷᠦᠯᠴᠡᠨ ᠢᠷᠡᠵᠤ ᠲᠡᠬᠦᠰᠪᠠᠭᠠᠲᠤᠷ ᠤᠨ | ᠨᠤᠮ ᠤᠨ ᠳᠡᠯᠭᠡᠬᠦᠷ ᠢ ᠬᠦᠭᠵᠢᠶᠡᠨ ᠲᠠᠢ ᠪᠤᠯᠭᠠᠵᠠᠢ᠃ | ︽ᠲᠤᠷ᠎ᠠ ᠪᠠᠬ᠎ᠠ ᠲᠠᠢ ᠠᠵᠢᠯ ᠢᠶᠠᠨ ᠬᠢᠬᠦ ᠨᠢ ᠬᠦᠮᠦᠨ ᠤ ᠠᠮᠢᠳᠤᠷᠠᠯ ᠢ ᠤᠯᠠᠮ ᠤᠳᠬ᠎ᠠ ᠠᠭᠤᠯᠠᠭ᠎ᠠ ᠲᠠᠢ | ᠪᠤᠯᠭᠠᠳᠠᠭ ᠭᠡᠵᠤ ᠪᠤᠳᠤᠳᠠᠭ ᠠᠴᠠ ᠪᠢ ᠰᠤᠷᠭᠠᠭᠤᠯᠢ ᠪᠠᠨ ᠳᠡᠬᠦᠰᠦᠬᠡᠳ ᠦᠪᠡᠷᠳᠡᠬᠡᠨ ᠦᠢᠯᠡᠰ ᠪᠤᠰᠬᠠᠬᠤ ᠵᠠᠮ ᠢ | ᠵᠤᠷᠢᠭᠰᠠᠨ︔ ᠮᠠᠨ ᠤ ᠬᠤᠶᠠᠭᠤᠯᠠ ᠪᠠᠨ ᠪᠦᠷ ᠨᠤᠮ ᠤᠩᠰᠢᠬᠤ ᠪᠠᠷ ᠬᠠᠪᠤ ᠴᠡᠩᠬᠡᠯ ᠢᠶᠠᠨ ᠪᠤᠯᠭᠠᠳᠠᠭ︔ ᠢᠯᠠᠩᠭᠤᠶ᠎ᠠ | ᠳᠡᠬᠦᠰᠪᠠᠭᠠᠳᠤᠷ ᠵᠠᠪ ᠯᠡ ᠭᠠᠷᠪᠠᠯ ᠨᠤᠮ ᠦᠵᠡᠵᠦ ᠯᠠ ᠰᠠᠭᠤᠳᠠᠭ︔ ᠳᠡᠷᠡ ᠳᠡᠯᠬᠡᠬᠦᠷ ᠲᠤ ᠪᠠᠨ ᠤᠷᠤᠭᠤᠯᠤᠭᠰᠠᠨ ᠤᠯᠠᠨ | ᠰᠠᠶᠢᠬᠠᠨ ᠨᠤᠮ ᠢᠶᠠᠨ ᠪᠦᠷ ᠤᠩᠰᠢᠭᠠᠳ ᠦᠩᠬᠡᠷᠡᠴᠢᠬᠡᠭᠰᠡᠨ︔ ᠮᠤᠩᠭᠤᠯ ᠨᠤᠮ ᠤᠨ ᠵᠠᠬ᠎ᠠ ᠳᠤ ᠶᠠᠮᠠᠷ ᠨᠢᠬᠡᠨ ᠰᠢᠨ᠎ᠡ ᠨᠤᠮ | ᠭᠠᠷᠪᠠᠯ ᠪᠢᠳᠡ ᠳᠡᠯᠬᠡᠬᠦᠷ ᠲᠤ ᠪᠠᠨ ᠤᠷᠤᠭᠤᠯᠤᠨ ᠬᠤᠳᠠᠯᠳᠤᠳᠠᠭ︔ ᠤᠳᠤᠬᠠᠨ ᠳᠤ ᠮᠠᠨ ᠤ ᠳᠡᠯᠬᠡᠬᠦᠷ ᠤᠨ ᠠᠷᠠᠯᠵᠢᠶ᠎ᠠ | ᠨᠡᠯᠢᠶᠡᠳ ᠵᠦᠬᠡᠷ ᠪᠠᠶᠢᠨ᠎ᠠ︾ ᠭᠡᠵᠤ ᠢᠷᠠᠭᠤᠬᠠᠨ ᠰᠤᠷᠪᠤᠯᠵᠢᠯᠠᠭᠴᠢ ᠳᠤ ᠶᠠᠷᠢᠯ᠎ᠠ᠃ | ᠢᠷᠠᠭᠤᠬᠠᠨ ᠤᠳᠤᠬᠢ ᠵᠠᠬ᠎ᠠ ᠳᠡᠯᠬᠡᠬᠦᠷ ᠤᠨ ᠬᠡᠷᠡᠭᠴᠡᠭᠡ ᠪᠤᠯᠤᠨ ᠦᠷᠬᠡᠨ ᠤᠯᠠᠨ ᠬᠤᠳᠠᠯᠳᠤᠨ ᠠᠪᠤᠭᠴᠢᠳ ᠤᠨ | ᠱᠠᠭᠠᠷᠳᠠᠯᠭ᠎ᠠ ᠳᠤ ᠵᠤᠬᠢᠴᠠᠭᠤᠯᠤᠨ ᠳᠡᠯᠬᠡᠬᠦᠷ ᠲᠤ ᠪᠠᠨ ᠨᠠᠰᠤᠨ ᠪᠠᠶᠠᠷ ᠤᠨ ᠪᠡᠯᠡᠭ᠂ ᠬᠡᠷ ᠤᠨ ᠮᠢᠯᠢᠶᠠᠯᠳᠠ ᠶᠢᠨ ᠪᠡᠯᠡᠭ᠂ | ᠤᠪᠤᠭᠠᠨ ᠳᠠᠬᠢᠯᠭ᠎ᠠ ᠶᠢᠨ ᠵᠦᠢᠯᠡᠰ᠂ ᠭᠠᠯ ᠲᠠᠬᠢᠯᠭ᠎ᠠ ᠶᠢᠨ ᠵᠦᠢᠯᠡᠰ ᠵᠡᠷᠬᠡ ᠤᠯᠠᠨ ᠳᠦᠷᠦᠯ ᠤᠨ ᠪᠠᠷᠠᠭ᠎ᠠ ᠲᠠᠸᠠᠷ | ᠪᠤᠷᠤᠯᠠᠭᠤᠯᠤᠨ ᠬᠤᠳᠠᠯᠳᠤᠵᠦ᠂ ᠤᠷᠤᠯᠭ᠎ᠠ ᠪᠠᠨ ᠨᠡᠮᠡᠭᠳᠡᠬᠦᠯᠵᠤ ᠪᠠᠶᠢᠨ᠎ᠠ᠃ | ᠨᠤᠮ ᠤᠩᠰᠢᠬᠤ ᠨᠢ ᠬᠦᠮᠦᠨ ᠤ ᠬᠠᠷᠠᠭ᠎ᠠ ᠶᠢ ᠳᠡᠯᠡᠵᠦ᠂ ᠤᠯᠠᠨ ᠳᠠᠯ᠎ᠠ ᠶᠢᠨ ᠮᠡᠳᠡᠯᠬᠡ ᠤᠬᠠᠭᠠᠨ ᠬᠦᠷᠳᠡᠳᠡᠭ ᠪᠢᠯᠡ᠃ ᠭᠠᠷ | ᠤᠳᠠᠰᠤ ᠨᠢ ᠤᠳᠤᠬᠢ ᠴᠠᠭ ᠦᠶ᠎ᠡ ᠳᠤ ᠬᠦᠮᠦᠰ ᠲᠤ ᠤᠯᠠᠨ ᠳᠠᠯ᠎ᠠ ᠶᠢᠨ ᠬᠡᠷᠡᠭᠴᠡᠭᠡ ᠦᠢᠯᠡᠴᠢᠯᠡᠭᠡ ᠬᠠᠩᠭᠠᠳᠠᠭ ᠶᠢ | ᠭᠠᠷᠭᠠᠪᠠᠯ ᠤᠯᠠᠨ ᠳᠤᠭᠠᠨ ᠤ ᠵᠠᠯᠠᠭᠤᠴᠤᠳ ᠵᠠᠪ ᠴᠢᠯᠦᠬᠡ᠂ ᠰᠤᠯᠠ ᠰᠡᠯᠡᠬᠦᠦ ᠴᠠᠭ ᠢᠶᠠᠨ ᠭᠠᠷ ᠤᠳᠠᠰᠤᠨ ᠳᠡᠬᠡᠷ᠎ᠡ | ᠦᠷᠡᠬᠡᠵᠦ ᠪᠠᠶᠢᠭ᠎ᠠ ᠨᠢ ᠬᠠᠷᠠᠮᠰᠠᠯᠳᠠᠢ ᠴᠤ ᠲᠡᠷᠡ ᠨᠢ ᠵᠤᠷᠰᠢᠯ ᠮᠡᠲᠦ ᠪᠤᠯᠵᠠᠢ᠃ ᠳᠡᠬᠦᠰᠪᠠᠭᠠᠳᠤᠷ ᠬᠤᠨᠢ ᠮᠠᠯ ᠬᠡᠳ | ᠬᠦᠳᠡᠭᠡ ᠶᠢᠨ ᠠᠵᠢᠯ ᠳᠤ ᠪᠠᠨ ᠶᠠᠭᠠᠷᠠᠬᠤ ᠶᠢᠨ ᠵᠡᠷᠬᠡᠪᠡᠷ ᠪᠠᠰᠠ ᠵᠦᠬᠡᠬᠡᠪᠤᠷᠢ ᠶᠢᠨ ᠳᠡᠷᠬᠡ ᠬᠦᠶᠦᠵᠦ ᠠᠷᠠᠯᠵᠢᠶ᠎ᠠ ᠬᠢᠵᠦ᠂ | ᠳᠤᠭᠳᠠᠮᠠᠯ ᠪᠤᠰᠤ ᠬᠤᠭᠤᠴᠠᠭ᠎ᠠ ᠲᠠᠢ ᠪᠠᠷ ᠳᠡᠯᠬᠡᠬᠦᠷ ᠲᠤ ᠪᠠᠨ ᠪᠠᠷᠠᠭ᠎ᠠ ᠤᠷᠤᠭᠤᠯᠳᠠᠭ᠃ ᠬᠡᠳᠦᠶᠢᠪᠡᠷ ᠡᠶᠢᠮᠤ ᠶᠠᠭᠠᠷᠠᠦ ᠴᠤ | ᠬᠡᠰᠡᠨ ᠪᠠᠭ᠎ᠠ ᠯᠠ ᠵᠠᠪ ᠴᠢᠯᠦᠬᠡ ᠤᠯᠳᠠᠪᠠᠯ ᠨᠤᠮ ᠤᠩᠰᠢᠵᠦ ᠯᠡ ᠰᠠᠭᠤᠳᠠᠭ ᠨᠢ ᠦᠶ᠎ᠡ ᠶᠢᠨ ᠵᠠᠯᠠᠭᠤᠴᠤᠳ ᠲᠤ ᠪᠠᠨ | ᠳᠠᠭᠤᠷᠢᠶᠠᠯ ᠪᠤᠯᠤᠮᠠᠷ ᠰᠠᠶᠢᠬᠠᠨ ᠵᠠᠩ ᠳᠠᠳᠬᠠᠯ ᠪᠤᠯᠬᠤ ᠶᠤᠮ᠃ | ᠵᠠᠶᠠᠭ᠎ᠠ ᠨᠢᠭᠡᠳᠦᠨ ᠠᠮᠢᠳᠤᠷᠠᠯ ᠬᠤᠯᠪᠤᠭᠰᠠᠨ ᠵᠠᠯᠠᠭᠤ ᠬᠤᠤᠰ ᠮᠠᠨᠢ ᠨᠤᠮ ᠤᠨ ᠴᠠᠭᠠᠨ ᠪᠤᠶᠠᠨ ᠢᠶᠠᠨ ᠳᠡᠭᠡᠳᠦᠯᠡᠵᠤ᠂ | ᠠᠵᠢᠯᠴᠢ ᠭᠠᠷ ᠤᠷᠠᠨ ᠤᠬᠠᠭᠠᠨ ᠳᠤ ᠪᠠᠨ ᠳᠦᠰᠢᠭᠯᠡᠨ᠂ ᠰᠢᠨ᠎ᠡ ᠴᠠᠭ ᠦᠶ᠎ᠡ ᠶᠢᠨ ᠰᠢᠨ᠎ᠡ ᠮᠠᠯᠴᠢᠨ ᠤ ᠦᠩᠬᠡ ᠳᠦᠷᠬᠦ | ᠪᠠᠷ ᠵᠢᠷᠭᠠᠯᠳᠤ ᠠᠮᠢᠳᠤᠷᠠᠯ ᠪᠠᠨ ᠴᠤᠭᠴᠠᠯᠠᠨ᠎ᠠ᠃ |