ᠪᠣᠬᠳᠠ ᠶᠢᠨ ᠭᠤᠣᠯ ᠰᠣᠮᠣᠨ ᠤ ᠵᠠᠪᠢᠯᠠᠬᠤ ᠭᠠᠴᠠᠭ᠎ᠠ ᠪᠠᠷ ᠨᠣᠳᠣᠬᠲᠠᠢ ᠮᠠᠯᠴᠢᠨ ᠪᠦᠰᠡᠬᠦᠢ ᠨᠡᠷᠡᠰᠣ 2015 | ᠣᠨ ᠳᠤ ᠬᠤᠰᠢᠭᠤᠨ ᠲᠦᠪ ᠰᠢᠨᠡᠪᠣᠯᠠᠭ ᠪᠠᠯᠭᠠᠰᠣᠨ ᠳᠤ ᠢᠷᠡᠵᠣ ︽ᠬᠤᠷᠠᠬᠤ︾ ᠴᠠᠭᠠᠨ ᠢᠳᠡᠬᠡᠨ ᠤ ᠲᠡᠯᠬᠡᠬᠦᠷ ᠢᠶᠠᠨ | ᠨᠡᠬᠡᠬᠡᠵᠣ᠂ ᠣᠯᠠᠮᠵᠢᠯᠠᠯᠳᠣ ᠴᠠᠭᠠᠨ ᠢᠳᠡᠭᠡᠨ ᠢᠶᠠᠨ ᠪᠣᠯᠪᠠᠰᠣᠷᠠᠭᠤᠯᠣᠨ ᠪᠣᠷᠣᠯᠠᠭᠤᠯᠵᠦ᠂ ᠠᠰᠢᠭ ᠣᠷᠣᠯᠭ᠎ᠠ ᠡᠭᠦᠳᠴᠦ᠂ | ᠠᠵᠦ ᠠᠮᠢᠳᠣᠷᠠᠯ ᠢᠶᠠᠨ ᠦᠡᠭᠭᠡ ᠲᠠᠢ ᠦᠭᠡᠳᠡ ᠲᠠᠢ ᠠᠪᠴᠣ ᠶᠠᠪᠣᠨ᠎ᠠ᠃ | ᠣᠷᠴᠢᠮᠬᠠᠨ ᠶᠠᠪᠣᠬᠳᠠᠬᠰᠠᠨ ᠮᠠᠨ ᠤ ᠬᠤᠰᠢᠭᠤᠨ ᠤ ᠲᠠᠪᠣᠳᠣᠭᠠᠷ ᠬᠤᠭᠤᠴᠠᠭᠠᠨ ᠤ ᠲᠠᠯ᠎ᠠ ᠨᠣᠳᠤᠭ ᠤᠨ ᠠᠯᠳᠠᠨ ᠨᠠᠮᠣᠷ | ᠡᠯᠪᠡᠭ ᠬᠤᠷᠢᠶᠠᠯᠳᠠ ᠶᠢᠨ ᠪᠡᠶᠡᠷ ᠵᠢᠴᠢ ᠣᠯᠠᠮᠵᠢᠯᠠᠯᠳᠣ ᠴᠠᠭᠠᠨ ᠢᠳᠡᠬᠡᠨ ᠤ ᠰᠣᠶᠣᠯ ᠤᠨ ᠨᠡᠶᠢᠷ ᠤᠨ ᠲᠡᠯᠬᠡᠨ | ᠦᠵᠡᠬᠦᠯᠣᠯᠬᠡ ᠶᠢᠨ ᠣᠷᠣᠯᠳᠣᠭᠠᠨ ᠳᠤ ᠨᠠᠷᠠᠰᠣ 20 ᠭᠠᠷᠣᠢ ᠪᠦᠳᠣᠬᠡᠭᠳᠡᠬᠦᠨ ᠢᠶᠠᠷ ᠢᠶᠠᠨ ᠬᠢᠨᠡᠬᠴᠢ ᠪᠣᠯᠣᠨ ᠣᠯᠠᠨ ᠤ | ᠲᠠᠭᠠᠰᠢᠶᠠᠯ ᠢ ᠬᠦᠷᠳᠡᠵᠣ᠂ ᠨᠢᠬᠡᠳᠣᠬᠡᠷ ᠲᠠᠰ ᠲᠤ ᠲᠣᠳᠣᠷᠠᠬᠰᠠᠨ ᠪᠠᠶᠢᠨ᠎ᠠ᠃ | ︽ᠠᠯᠳᠠᠨ ᠨᠠᠮᠣᠷ ᠴᠠᠭᠠᠨ ᠢᠳᠡᠬᠡᠨ ᠤ ᠲᠡᠯᠬᠡᠨ ᠦᠵᠡᠬᠦᠯᠣᠯᠬᠡ ᠳᠤ ᠣᠷᠣᠯᠴᠠᠭᠠᠳ ᠨᠢᠬᠡᠳᠣᠬᠡᠷ ᠲᠡᠰ ᠢ ᠠᠪᠣᠬᠰᠠᠨ | ᠳᠤ ᠪᠠᠨ ᠰᠡᠳᠬᠢᠯ ᠦᠨᠳᠣᠷ ᠪᠠᠶᠢᠨ᠎ᠠ︔ ᠣᠷᠣᠯᠳᠣᠭᠠᠨ ᠳᠤ ᠤᠷᠤᠯᠴᠠᠭᠠᠳ ᠪᠤᠰᠤᠳ ᠤᠨ ᠣᠯᠠᠨ ᠰᠠᠶᠢᠬᠠᠨ | ᠪᠦᠲᠦᠭᠡᠭᠳᠡᠬᠦᠨ ᠢ ᠦᠵᠡᠯ᠎ᠡ︔ ᠮᠡᠷᠭᠡᠵᠢᠯ ᠢ ᠨᠢ ᠰᠣᠷᠣᠯ᠎ᠠ︔ ᠬᠦᠷᠣᠯᠴᠠᠬᠦ ᠦᠬᠡᠢ ᠲᠠᠯ᠎ᠠ ᠪᠠᠨ ᠪᠠᠰᠠ ᠨᠦᠬᠦᠪᠣᠷᠢᠯᠡᠵᠣ | ᠠᠪᠴᠠᠢ︾ ᠭᠡᠵᠤ ᠨᠡᠷᠡᠰᠣ ᠶᠠᠷᠢᠯ᠎ᠠ᠃ | ᠨᠠᠷᠠᠰᠣ ᠠᠩᠬ᠎ᠠ ᠴᠠᠭᠠᠨ ᠢᠳᠡᠭᠡᠨ ᠤ ᠦᠢᠯᠡᠰ ᠡᠷᠭᠢᠯᠡᠭᠦ ᠳᠤ ᠲᠣᠷᠰᠢᠯᠭ᠎ᠠ ᠮᠡᠭᠦᠰ᠂ ᠮᠡᠷᠬᠡᠵᠢᠯ ᠲᠣᠳᠠᠮᠠᠭ ᠠᠴᠠ | ᠪᠣᠯᠵᠣ ᠪᠣᠷᠣᠯᠠᠭᠤᠯᠭ᠎ᠠ ᠠᠨᠠᠢ ᠪᠠᠶᠢᠵᠠᠢ᠃ ᠴᠠᠭᠠᠨ ᠢᠳᠡᠭᠡᠨ ᠤ ᠴᠢᠨᠠᠷ ᠴᠢᠨᠰᠠᠭ᠎ᠠ ᠪᠠ ᠪᠣᠷᠣᠯᠠᠭᠤᠯᠭ᠎ᠠ ᠪᠠᠨ ᠰᠠᠶᠢᠵᠢᠷᠠᠭᠤᠯᠬᠤ | ᠶᠢᠨ ᠲᠦᠯᠣᠬᠡ ᠨᠠᠷᠠᠰᠣ ᠴᠠᠭᠠᠨ ᠢᠳᠡᠭᠡᠨ ᠪᠣᠯᠪᠠᠰᠣᠷᠠᠭᠤᠯᠬᠤ ᠡᠯ᠎ᠡ ᠲᠦᠷᠦᠯ ᠤᠨ ᠪᠣᠯᠪᠠᠰᠣᠷᠠᠯ ᠳᠤ ᠢᠳᠡᠪᠬᠢᠯᠡᠨ | ᠣᠷᠣᠯᠴᠠᠬᠤ ᠪᠠᠷ ᠲᠠᠮᠵᠢᠨ ᠴᠠᠭᠠᠨ ᠢᠳᠡᠬᠡᠨ ᠬᠢᠬᠦ ᠮᠡᠷᠬᠡᠵᠢᠯ ᠨᠢ ᠶᠡᠭᠡᠪᠡᠷ ᠳᠡᠭᠡᠭᠰᠢᠯᠡᠵᠦ᠂ ᠴᠠᠭᠠᠨ ᠢᠳᠡᠭᠡᠨ ᠢᠶᠠᠷ ᠢᠶᠠᠨ | ᠣᠯᠠᠨ ᠣᠳᠠᠭᠠᠨ ᠤ ᠣᠷᠣᠯᠳᠣᠭᠠᠨ ᠲᠡᠮᠡᠴᠡᠬᠡᠨ ᠳᠤ ᠰᠢᠯᠢᠳᠡᠭ ᠬᠢᠷᠢ ᠪᠦᠳᠣᠮᠵᠢ ᠬᠦᠷᠳᠡᠵᠣ᠂ ᠴᠠᠭᠠᠨ ᠢᠳᠡᠭᠡᠨ ᠨᠢ ᠤᠯᠠᠨ | ᠳᠤ ᠲᠠᠨᠢᠭᠳᠠᠨ᠂ ᠬᠡᠷᠡᠭᠯᠡᠭᠴᠢᠳ ᠤᠨ ᠢᠶᠠᠨ ᠢᠳᠡᠬᠡᠯ ᠢ ᠣᠯᠣᠬᠰᠠᠨ ᠪᠠᠶᠢᠨ᠎ᠠ᠃ | ︽ᠪᠢ ᠲᠠᠨᠢᠯᠴᠠᠬᠰᠠᠨ ᠠᠴᠠ ᠠᠪᠣᠭᠠᠳ ᠡᠳᠡᠨᠡᠶᠢᠬᠢ ᠠᠴᠠ ᠦᠷᠬᠦᠯᠵᠢ ᠴᠠᠭᠠᠨ ᠢᠳᠡᠭᠡᠨ ᠠᠪᠳᠠᠭ︔ ᠡᠳᠡᠨ ᠤ | ᠴᠠᠭᠠᠨ ᠢᠳᠡᠭᠡᠨ ᠴᠢᠨᠡᠷ ᠰᠠᠶᠢᠨ ᠦᠩᠬᠡ ᠨᠢ ᠰᠠᠶᠢᠬᠠᠨ︔ ᠠᠭᠠᠷᠣᠣᠯ᠂ ᠪᠢᠰᠢᠯᠠᠭ᠂ ᠬᠤᠷᠣᠳ ᠤᠨ ᠠᠯᠢ ᠨᠢ ᠴᠦ ᠪᠦᠷ | ᠰᠠᠶᠢᠬᠠᠨ ᠪᠠᠶᠢᠳᠠᠭ︔ ᠬᠤᠷᠢᠮ ᠨᠠᠶᠢᠷ ᠲᠤ ᠪᠦᠷ ᠬᠡᠷᠡᠭᠯᠡᠳᠡᠭ ᠰᠢᠤ︔ ᠨᠠᠳᠠ ᠪᠠᠷ ᠲᠠᠮᠵᠢᠭᠠᠳ ᠪᠠᠰᠠ ᠠᠷᠪᠢᠨ ᠬᠦᠮᠣᠰ | ᠠᠪᠳᠠᠭ ᠪᠣᠯᠣᠬᠰᠠᠨ︾ ᠭᠡᠵᠤ ᠬᠡᠷᠡᠭᠯᠡᠭᠴᠢ ᠣᠷᠠᠩᠬᠤᠸᠡᠷ ᠰᠤᠷᠪᠤᠯᠵᠢᠯᠠᠭᠴᠢ ᠳᠤ ᠶᠠᠷᠢᠯ᠎ᠠ᠃ | ᠨᠠᠷᠠᠰᠣ ᠣᠳᠣ ᠡᠳᠣᠷ ᠲᠤ ᠮᠢᠩᠭ᠎ᠠ ᠭᠠᠷᠣᠢ ᠵᠢᠩ ᠤᠨ ᠲᠦᠭᠦᠭᠡᠢ ᠰᠦ ᠪᠣᠯᠪᠠᠰᠣᠷᠠᠭᠤᠯᠵᠣ᠂ ᠴᠠᠭᠠᠨ ᠢᠳᠡᠭᠡᠨ | ᠢᠶᠠᠨ ᠬᠤᠰᠢᠭᠤᠨ ᠤ ᠪᠠᠨ ᠬᠡᠪᠴᠢᠶᠠᠨ ᠳᠤ ᠪᠣᠷᠣᠯᠠᠭᠤᠯᠬᠤ ᠠᠴᠠ ᠭᠠᠳᠠᠨ᠎ᠠ ᠡᠷᠢᠶᠠᠨ ᠬᠤᠳᠠ᠂ ᠰᠦᠨᠢᠳ᠂ ᠱᠠᠩᠳᠣ ᠰᠢᠶᠠᠨ | ᠵᠡᠷᠬᠡ ᠭᠠᠵᠡᠷ ᠲᠤ ᠪᠣᠷᠣᠯᠠᠭᠤᠯᠵᠣ᠂ ᠵᠢᠯ ᠤᠨ 20—30 ᠲᠦᠮᠡᠨ ᠲᠦᠭᠦᠷᠢᠭ ᠤᠨ ᠣᠷᠣᠯᠭ᠎ᠠ ᠣᠯᠵᠦ᠂ ᠰᠦ ᠰᠠᠭᠠᠯᠢ | ᠶᠢᠨ ᠦᠢᠯᠡᠰ ᠢᠶᠠᠷ ᠵᠢᠷᠭᠠᠯᠳᠣ ᠠᠮᠢᠳᠣᠷᠠᠯ ᠢᠶᠠᠨ ᠴᠣᠬᠴᠠᠯᠠᠵᠦ ᠶᠠᠪᠣᠨ᠎ᠠ᠃ | ︽ᠬᠤᠶᠢᠰᠢᠳᠠ ᠴᠠᠭᠠᠨ ᠢᠳᠡᠭᠡᠨ ᠢᠶᠠᠨ ᠣᠯᠠᠮ ᠰᠠᠶᠢᠬᠠᠨ᠂ ᠶᠡᠭᠡ ᠬᠡᠪᠴᠢᠶ᠎ᠡ ᠪᠠᠷ ᠬᠢᠶ᠎ᠠ ᠬᠡᠵᠣ ᠪᠣᠳᠣᠵᠣ ᠪᠠᠶᠢᠨ᠎ᠠ︔ | ᠣᠳᠣ ᠮᠠᠨ ᠤ ᠬᠢ ᠭᠠᠷ ᠢᠶᠠᠷ ᠬᠢᠭᠰᠡᠨ ᠣᠯᠠᠮᠵᠢᠯᠠᠯᠳᠣ ᠴᠠᠭᠠᠨ ᠢᠳᠡᠭᠡᠨ ᠢᠶᠠᠷ ᠭᠤᠤᠯᠳᠠᠭᠤᠯᠵᠤ ᠪᠠᠶᠢᠨ᠎ᠠ︔ ᠬᠤᠵᠢᠮ ᠳᠤ | ᠪᠠᠨ ᠬᠡᠪᠴᠢᠶ᠎ᠡ ᠪᠠᠨ ᠦᠷᠬᠡᠳᠬᠡᠬᠡᠳ ᠮᠠᠰᠢᠨᠴᠢᠯᠠᠶᠠ ᠬᠡᠵᠣ ᠪᠣᠳᠣᠵᠣ ᠪᠠᠶᠢᠨ᠎ᠠ︔ ᠣᠯᠠᠮ ᠰᠠᠶᠢᠬᠠᠨ ᠴᠠᠭᠠᠨ ᠢᠳᠡᠭᠡᠨ ᠢᠶᠠᠨ | ᠬᠡᠷᠡᠭᠯᠡᠭᠴᠢ ᠣᠯᠠᠨ ᠳᠤ ᠪᠠᠨ ᠲᠠᠨᠢᠭᠤᠯᠣᠶᠠ ᠬᠡᠵᠣ ᠪᠣᠳᠣᠵᠣ ᠪᠠᠶᠢᠨ᠎ᠠ︾ ᠭᠡᠵᠤ ᠨᠠᠷᠠᠰᠤ ᠢᠲᠡᠭᠡᠯ ᠳᠦᠬᠦᠷᠡᠩ ᠶᠠᠷᠢᠵᠤ | ᠪᠠᠶᠢᠯ᠎ᠠ᠃ |