ᠬᠦᠪᠡᠭᠡᠲᠦ ᠰᠢᠷ᠎ᠠ ᠬᠤᠰᠢᠭᠤᠨ ᠤ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ ᠳᠡᠯᠭᠡᠷ ᠪᠤᠯ ᠳᠡᠭᠡᠷ᠎ᠡ ᠵᠠᠭᠤᠨ | ᠤ ᠵᠢᠷᠠᠭᠠᠳ ᠤᠨ ᠤ ᠡᠬᠢᠨ ᠳᠤ ᠦᠪᠦᠷ ᠮᠤᠩᠭᠤᠯ ᠳᠤ ᠬᠦᠷᠭᠡᠭᠳᠡᠨ ᠢᠷᠡᠭᠰᠡᠨ ᠭᠤᠷᠪᠠᠨ ᠮᠢᠩᠭᠠᠨ ︽ᠤᠯᠤᠰ ᠤᠨ ᠬᠡᠤᠬᠡᠳ | ︾ ᠤᠨ ᠨᠢᠭᠡ ᠪᠤᠯᠤᠨ᠎ᠠ᠃ ᠭᠤᠷᠪᠠᠭ᠋ᠠᠨ ᠨᠠᠰᠤᠲᠠᠢ ᠪᠠᠶᠢᠭᠰᠠᠨ ᠳᠡᠯᠭᠡᠷ ᠢ ᠠᠪᠤ ᠨᠢ ᠮᠤᠷᠢ ᠲᠠᠢ ᠤᠴᠢᠵᠤ ᠲᠡᠷᠯᠢᠭ ᠲᠤ ᠪᠠᠨ | ᠡᠪᠦᠷᠳᠤᠯᠡᠵᠤ ᠠᠪᠴᠢᠷᠠᠯ᠎ᠠ ᠭᠡᠳᠡᠭ᠃ ᠳᠡᠯᠭᠡᠷ ᠤᠨ ᠡᠷᠬᠦᠭᠰᠡᠨ ᠠᠪᠤ ᠨᠢ ᠰᠤᠩᠳᠤᠢ ᠨᠠᠷᠬᠠᠭᠤᠯᠠ ᠨᠢᠭᠡᠳᠦᠯ ᠤᠨ ᠨᠠᠮ ᠤᠨ | ᠬᠤᠷᠢᠶᠠᠨ ᠤ ᠳᠡᠳ᠋ ᠱᠦᠵᠢ᠂ ᠵᠡᠪᠰᠡᠭᠲᠦ ᠬᠦᠴᠦᠨ ᠤ ᠭᠡᠯᠲᠡᠰ ᠤᠨ ᠳᠠᠷᠤᠭ᠎ᠠ ᠪᠠᠷ ᠠᠵᠢᠯᠯᠠᠵᠤ ᠪᠠᠶᠢᠵᠠᠢ᠃ | ᠳᠤᠮᠳᠠᠳᠦ ᠰᠤᠷᠭᠠᠭᠤᠯᠢ ᠳᠤ ᠰᠤᠷᠤᠯᠴᠠᠵᠤ ᠪᠠᠶᠢᠬᠤ ᠦᠶ᠎ᠡ ᠳᠤ᠂ ᠠᠪᠤ ᠶᠢᠨ ᠬᠢᠨᠢ ᠠᠵᠢᠯ ᠶᠠᠭᠠᠷᠠᠤ ᠤᠴᠢᠷ ᠠᠴᠠ | ᠳᠡᠯᠭᠡᠷ ᠪᠡᠶ᠎ᠡ ᠮᠠᠭᠤ ᠡᠵᠢ ᠪᠠᠨ ᠠᠰᠠᠷᠠᠵᠤ ᠠᠶᠢᠯ ᠭᠡᠷ ᠢᠶᠠᠨ ᠳᠤᠳᠤᠮᠳᠠᠬᠤ ᠱᠠᠭᠠᠷᠳᠠᠯᠭ᠎ᠠ ᠲᠠᠢ ᠪᠤᠯᠵᠤ ᠰᠤᠷᠤᠯᠭ᠎ᠠ ᠪᠠᠨ | ᠳᠤᠷᠭᠤᠨ ᠵᠤᠭᠰᠤᠵᠤ ᠬᠠᠷ᠎ᠠ ᠪᠤᠷᠤ ᠬᠦᠳᠡᠭᠡ ᠶᠢᠨ ᠠᠵᠢᠯ ᠳᠤ ᠤᠷᠤᠯᠴᠠᠨ᠂ ᠬᠠᠳᠠᠭᠤᠵᠢᠨ ᠪᠤᠯᠪᠠᠰᠤᠷᠠᠵᠤ ᠡᠬᠢᠯᠡᠵᠠᠢ᠃ | 1975 ᠤᠨ ᠳᠤ ᠴᠠᠪ ᠭᠠᠴᠠᠭᠠᠨ ᠳᠤ ᠪᠠᠭ᠎ᠠ ᠰᠤᠷᠭᠠᠭᠤᠯᠢ ᠪᠠᠶᠢᠭᠤᠯᠤᠭᠳᠠᠨ ᠪᠠᠭᠰᠢ ᠳᠤᠳᠠᠭᠳᠠᠭᠰᠠᠨ ᠠᠴᠠ | ᠭᠠᠴᠠᠭ᠎ᠠ ᠰᠤᠮᠤᠨ ᠠᠴᠠ ᠰᠤᠷᠤᠯᠭ᠎ᠠ ᠰᠠᠶᠢᠨ ᠪᠠᠶᠢᠳᠠᠭ ᠳᠡᠯᠭᠡᠷ ᠢ ᠰᠤᠩᠭᠤᠨ ᠠᠷᠠᠳ ᠤᠨ ᠪᠠᠭᠰᠢ ᠪᠤᠯᠭᠠᠭᠰᠠᠨ ᠨᠢ ᠪᠢᠴᠢᠭ | ᠰᠤᠶᠤᠯ ᠳᠤ ᠳᠤᠷ᠎ᠠ ᠪᠠᠭ᠋ᠠᠳᠠᠢ ᠳᠡᠯᠭᠡᠷ ᠤᠨ ᠰᠠᠨᠠᠭᠠᠨ ᠳᠤ ᠲᠠᠭᠠᠷᠠᠵᠤ ᠮᠠᠰᠢ ᠶᠡᠭᠡ ᠪᠠᠶᠠᠷᠯᠠᠵᠠᠢ᠃ ᠰᠠᠶᠢᠨ ᠪᠠᠭᠰᠢ ᠪᠤᠯᠬᠤ | ᠶᠢᠨ ᠲᠦᠯᠦᠭᠡ ᠳᠡᠯᠭᠡᠷ ᠳᠤᠰᠤᠨ ᠳ᠋ᠧᠩ ᠤᠨ ᠳᠤᠤᠷ᠎ᠠ ᠳᠠᠪᠲᠠᠨ ᠰᠤᠷᠤᠯᠴᠠᠬᠤ ᠶᠢᠨ ᠳᠠᠭᠠᠤ ᠬᠢᠴᠢᠶᠡᠯ ᠢᠶᠠᠨ ᠪᠡᠯᠡᠳᠬᠡᠨ | ᠵᠢᠭᠠᠨ ᠰᠤᠷᠭᠠᠬᠤ ᠠᠵᠢᠯ ᠢᠶᠠᠨ ᠬᠢᠳᠡᠭ ᠪᠠᠶᠢᠪᠠ᠃ | 1980 ᠤᠨ ᠤ ᠡᠬᠢ ᠪᠠᠷ ᠳᠡᠯᠭᠡᠷ ᠠᠶᠢᠯ ᠭᠡᠷ ᠪᠤᠰᠬᠠᠨ᠂ ᠬᠦᠤ ᠬᠡᠤᠬᠡᠨ ᠲᠠᠢ ᠪᠤᠯᠵᠤ᠂ ᠭᠤᠴᠢ ᠰᠢᠠᠬᠮ ᠵᠢᠯ | ᠳᠤ ᠤᠷᠢᠳ ᠬᠤᠵᠢᠳ ᠬᠤᠰᠢᠭᠤ ᠨᠤᠲᠤᠭ ᠪᠡᠯᠴᠢᠭᠡᠷ ᠤᠨ ᠦᠷᠲᠡᠭᠡᠨ ᠤ ᠠᠵᠢᠯᠲᠠᠨ᠂ ᠰᠤᠮᠤᠨ ᠤ ᠵᠠᠰᠠᠭ ᠤᠨ ᠤᠷᠳᠤᠨ ᠤ | ᠨᠢᠭᠳᠠᠯᠠᠨ ᠪᠤᠳᠤᠭᠴᠢ᠂ ᠨᠠᠮ ᠵᠠᠰᠠᠭ ᠤᠨ ᠨᠠᠷᠢᠨ ᠪᠢᠴᠢᠭᠡᠴᠢ᠂ ᠨᠠᠮ ᠤᠨ ᠬᠤᠷᠢᠶᠠᠨ ᠤ ᠤᠬᠠᠭᠤᠯᠬᠤ ᠬᠡᠰᠢᠬᠦᠨ᠂ ᠵᠤᠬᠢᠶᠠᠨ | ᠪᠠᠶᠢᠭᠤᠯᠬᠤ ᠬᠡᠰᠢᠬᠦᠨ᠂ ᠰᠤᠮᠤ ᠱᠠᠲᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠳᠡᠳ᠋ ᠲᠡᠷᠢᠬᠦᠯᠡᠭᠴᠢ | ᠵᠡᠷᠭᠡ ᠡᠬᠦᠷᠭᠡ ᠳᠤᠰᠢᠶᠠᠯ ᠢ ᠬᠢᠯᠠᠷᠠᠲᠠᠯ᠎ᠠ ᠬᠦᠢᠴᠡᠳᠬᠡᠨ᠂ ᠦᠨᠳᠦᠰᠦᠨ ᠱᠠᠲᠤᠨ ᠤ ᠪᠦᠲᠦᠭᠡᠨ ᠪᠠᠶᠢᠭᠤᠯᠤᠯᠲᠠ ᠪᠠ | ᠬᠦᠭᠵᠢᠯᠲᠡ ᠳᠤ ᠤᠬᠠᠭᠠᠨ ᠲᠠᠮᠢᠷ ᠢᠶᠠᠨ ᠬᠠᠷᠠᠮ ᠦᠭᠡᠢ ᠰᠢᠪᠬᠠᠵᠤ᠂ ᠰᠤᠮᠤ ᠬᠤᠰᠢᠭᠤᠨ ᠤ ᠰᠢᠯᠢᠳᠡᠭ ᠨᠠᠮ ᠤᠨ ᠬᠡᠰᠢᠬᠦᠨ᠂ | ᠰᠢᠯᠢᠳᠡᠭ ᠨᠠᠮ ᠤᠨ ᠠᠵᠢᠯᠲᠠᠨ᠂ ᠲᠡᠷᠢᠬᠦᠨ ᠤ ᠠᠵᠢᠯᠲᠠᠨ ᠵᠡᠷᠭᠡ ᠢᠷᠠᠭᠤ ᠠᠯᠳᠠᠷ ᠢ ᠤᠯᠠᠨᠲᠠ ᠬᠦᠷᠲᠡᠵᠤ ᠶᠠᠪᠤᠵᠠᠢ᠃ | ᠪᠢᠴᠢᠵᠤ ᠨᠠᠶᠢᠷᠠᠭᠤᠯᠬᠤ ᠳᠤᠷ᠎ᠠ ᠪᠠᠬ᠎ᠠ ᠲᠠᠢ ᠪᠠᠶᠢᠳᠠᠭ ᠳᠡᠯᠭᠡᠷ ᠤᠷᠤᠨ ᠠᠶᠢᠮᠠᠭ ᠤᠨ ᠳᠡᠰ ᠤᠨ ᠰᠤᠨᠢᠨ ᠰᠡᠳᠬᠦᠯ ᠳᠤ | ᠮᠢᠩᠭ᠎ᠠ ᠭᠠᠷᠤᠢ ᠬᠤᠪᠢ ᠰᠤᠨᠢᠨ ᠮᠡᠳᠡᠭᠡ᠂ ᠨᠠᠮ ᠤᠨ ᠬᠡᠰᠢᠬᠦᠨ ᠤ ᠰᠤᠷᠤᠯᠴᠠᠯᠭ᠎ᠠ ᠬᠦᠮᠦᠵᠢᠯ ᠤᠨ ᠲᠦᠷᠦᠭᠳᠡᠯ᠂ | ᠡᠷᠬᠢᠴᠡᠬᠦᠯᠦᠯ᠂ ᠤᠬᠤᠷ ᠦᠬᠦᠯᠡᠯ᠂ ᠴᠢᠮᠡᠭᠡᠯᠡᠯ ᠤᠳ ᠪᠢᠴᠢᠵᠤ ᠨᠡᠶᠢᠲᠡᠯᠡᠬᠦᠯᠦᠨ᠂ ︽ᠤᠯᠤᠰ ᠤᠨ ᠬᠡᠤᠬᠡᠳ︾ ᠤᠨ | ᠵᠤᠭᠰᠤᠴᠠ ᠠᠴᠠ ᠲᠠᠯ᠎ᠠ ᠨᠤᠲᠤᠭ ᠤᠨ ᠦᠢ ᠤᠯᠠᠨ ᠠᠪᠤ ᠡᠵᠢ ᠶᠢᠨ ᠠᠭᠤᠤ ᠶᠡᠭᠡ᠂ ᠭᠤᠶᠠᠴᠢ ᠦᠬᠡᠢ ᠰᠠᠶᠢᠬᠠᠨ ᠬᠦᠮᠦᠨ | ᠮᠦᠰᠦ᠂ ᠦᠢᠯᠡ ᠠᠵᠢᠯᠯᠠᠭ᠎ᠠ ᠶᠢ ᠤᠬᠠᠭᠤᠯᠤᠨ ᠮᠡᠳᠡᠭᠡᠯᠡᠵᠤ᠂ ᠰᠢᠯᠢᠳᠡᠭ ᠴᠢᠮᠡᠭᠡᠯᠡᠭᠴᠢ ᠤᠬᠠᠭᠤᠯᠤᠭᠴᠢ ᠶᠢᠨ ᠱᠠᠩᠨᠠᠯ | ᠬᠦᠬᠢᠬᠦᠯᠦᠯ ᠬᠦᠷᠲᠡᠵᠤ ᠪᠠᠶᠢᠪᠠ᠃ ᠲᠡᠬᠦᠨ ᠤ ᠪᠢᠴᠢᠭᠰᠡᠨ ᠴᠢᠯᠦᠭᠡᠯᠡᠬᠦ ᠳᠠᠶᠢᠨ ᠤ ᠦᠶ᠎ᠡ ᠳᠤ ᠮᠤᠷᠢᠲᠦ ᠴᠡᠷᠢᠭ ᠤᠨ | ᠬᠤᠯᠪᠤᠭᠠᠨ ᠳᠤ ᠭᠠᠪᠰᠢᠭᠠᠶᠢᠯᠠᠵᠤ ᠪᠠᠶᠢᠭᠰᠠᠨ ᠳᠡᠭᠡᠷ᠎ᠡ ᠨᠢᠭᠡ ᠦᠶ᠎ᠡ ᠶᠢᠨ ᠬᠢᠨ ᠤ ᠳᠦᠴᠢᠭᠡᠳ ᠬᠦᠮᠦᠨ ᠤ ᠲᠡᠤᠬᠡ ᠨᠠᠮᠳᠠᠷ | ᠪᠠ ᠪᠦᠬᠦ ᠬᠤᠰᠢᠭᠤᠨ ᠤ ︽ᠲᠡᠮᠦᠷ ᠬᠡᠤᠬᠡᠨᠴᠤᠳ︾ ᠤᠨ ᠲᠡᠤᠬᠡ ᠨᠠᠮᠳᠠᠷ ᠨᠢ ᠬᠤᠪᠤᠷ ᠨᠠᠨᠳᠢᠨ ᠲᠡᠤᠬᠡᠨ ᠮᠠᠲ᠋ᠧᠷᠢᠶᠠᠯ ᠢᠶᠠᠷ | ᠦᠨᠡᠯᠡᠭᠳᠡᠵᠤ᠂ ᠬᠤᠰᠢᠭᠤ᠂ ᠠᠶᠢᠮᠠᠭ᠂ ᠤᠷᠤᠨ ᠤ ᠳᠡᠰ ᠤᠨ ᠨᠤᠮ ᠪᠢᠴᠢᠭ᠂ ᠰᠤᠨᠢᠨ ᠰᠡᠳᠬᠦᠯ ᠳᠤ ᠨᠡᠶᠢᠲᠡᠯᠡᠭᠳᠡᠭᠰᠡᠨ ᠪᠠ | ᠲᠡᠤᠬᠡ ᠰᠤᠶᠤᠯ ᠤᠨ ᠰᠤᠳᠤᠯᠭᠠᠨ ᠤ ᠨᠤᠮ ᠪᠢᠴᠢᠭ᠂ ᠲᠧᠯᠸᠢᠰ ᠨᠡᠪᠲᠡᠷᠡᠬᠦᠯᠭᠡ ᠳᠤ ᠬᠦᠷᠲᠡᠯ᠎ᠡ ᠬᠡᠷᠡᠭᠯᠡᠭᠳᠡᠭᠰᠡᠨ ᠪᠠᠶᠢᠨ᠎ᠠ᠃ | ︽ᠲᠠᠯ᠎ᠠ ᠨᠤᠲᠤᠭ ᠮᠢᠨᠢ ᠬᠠᠯᠠᠭᠤᠨ ᠡᠯᠢᠭᠡᠨ ᠳᠤ ᠪᠠᠨ ᠨᠠᠮ᠎ᠠ ᠶᠢ ᠪᠠᠭᠳᠠᠭᠠᠭᠰᠠᠨ᠂ ᠮᠤᠷᠢᠲᠦ ᠴᠡᠷᠢᠭ ᠪᠠᠶᠢᠭᠰᠠᠨ | ᠬᠤᠪᠢᠰᠬᠠᠯᠴᠢ ᠠᠪᠤ ᠶᠢᠨ ᠡᠪᠦᠷ ᠲᠤ ᠪᠢ ᠳᠤᠯᠠᠭᠠᠴᠠᠭᠰᠠᠨ᠂ ᠴᠠᠶᠢᠯᠭᠠᠨ ᠰᠡᠳᠬᠢᠯᠲᠦ ᠮᠤᠩᠭᠤᠯ ᠡᠵᠢ ᠨᠠᠮ᠎ᠠ ᠶᠢ ᠦᠰᠬᠡᠵᠤ | ᠲᠤᠷᠨᠢᠭᠤᠯᠤᠭᠰᠠᠨ︔ ᠡᠶᠢᠮᠦ ᠠᠴᠠ ᠠᠭᠤᠤ ᠨᠠᠮ᠂ ᠠᠴᠢᠲᠦ ᠠᠪᠤ ᠡᠵᠢ᠂ ᠠᠭᠤᠳᠠᠮ ᠲᠠᠯ᠎ᠠ ᠨᠤᠲᠤᠭ ᠢᠶᠠᠨ ᠪᠢ ᠮᠠᠭᠳᠠᠨ | ᠤᠶᠠᠩᠭᠠᠯᠠᠬᠤ ᠶᠤᠰᠤᠲᠠᠢ︾ ᠭᠡᠵᠤ ᠳᠡᠯᠭᠡᠷ ᠦᠷᠬᠦᠯᠵᠢ ᠶᠠᠷᠢᠳᠠᠭ᠃ ᠳᠡᠯᠭᠡᠷ ᠤᠳᠤ ᠬᠤᠰᠢᠭᠤᠨ ᠲᠦᠪ ᠰᠢᠨᠡᠪᠤᠯᠠᠭ | ᠪᠠᠯᠭᠠᠰᠤᠨ ᠳᠤ ᠪᠢᠴᠢᠭ ᠵᠤᠬᠢᠶᠠᠯ ᠤᠷᠤᠯᠳᠤᠬᠤ ᠶᠢᠨ ᠳᠠᠭᠠᠤ ᠤᠮᠪᠤᠯᠤ ᠪᠠᠨ ᠬᠠᠷᠠᠵᠤ᠂ ᠦᠲᠡᠯᠦᠭᠡ ᠨᠠᠰᠤᠨ ᠤ ᠵᠢᠷᠭᠠᠯ | ᠡᠳ᠋ᠯᠠᠨ ᠰᠠᠭᠤᠵᠤ ᠪᠠᠶᠢᠨ᠎ᠠ᠃ |