ᠪᠣᠭᠳᠠ ᠶᠢᠨ ᠭᠤᠣᠯ ᠰᠤᠮᠤᠨ ᠤ ᠰᠢᠪᠡᠭᠡᠲᠦ ᠭᠠᠴᠠᠭᠠᠨ ᠤ ᠮᠠᠯᠴᠢᠨ ᠨᠠᠮ ᠤᠨ ᠬᠡᠰᠢᠭᠦᠨ ᠰᠡᠴᠡᠨᠳᠡᠯᠭᠡᠷ ᠪᠤᠰᠤᠳ ᠢ | ᠬᠠᠪᠰᠤᠷᠬᠤ ᠪᠠᠷ ᠵᠢᠷᠭᠠᠯ ᠢᠶᠠᠨ ᠪᠣᠯᠭᠠᠵᠤ᠂ ᠨᠠᠮ ᠤᠨ ᠬᠡᠰᠢᠬᠦᠨ ᠤ ᠬᠤᠰᠢᠭᠤᠴᠢ ᠦᠢᠯᠡᠳᠦᠯ ᠢᠶᠠᠨ ᠪᠠᠳᠠᠷᠠᠭᠤᠯᠵᠤ ᠪᠠᠶᠢᠨ᠎ᠠ᠃ | | 12 ᠰᠠᠷ᠎ᠠ ᠶᠢᠨ 4 ᠤ ᠡᠳᠦᠷ᠂ ᠰᠡᠴᠡᠨᠳᠡᠯᠭᠡᠷ ᠭᠠᠴᠠᠭᠠᠨ ᠤ ᠪᠠᠨ 4 ᠨᠠᠰᠤᠲᠠᠨ ᠤ ᠭᠡᠷ ᠢᠶᠠᠷ ᠬᠦᠷᠴᠦ 1000 | ᠲᠦᠬᠦᠷᠢᠭ ᠤᠨ ᠦᠷᠲᠡᠭ ᠪᠦᠬᠦᠢ ᠭᠤᠯᠢᠷ᠂ ᠢᠳᠡᠭᠡᠨ ᠤ ᠲᠣᠰᠤ ᠵᠡᠷᠭᠡ ᠠᠮᠢᠳᠣᠷᠠᠯ ᠤᠨ ᠬᠡᠷᠡᠭᠯᠡᠭᠡᠨ ᠤ ᠵᠦᠢᠯᠡᠰ ᠬᠦᠷᠭᠡᠭᠰᠡᠨ | ᠤ ᠬᠠᠮᠲᠦ ᠨᠠᠰᠤᠲᠠᠶᠢᠴᠤᠳ ᠲᠠᠢ ᠪᠠᠨ ᠵᠤᠭᠤᠭᠳᠠᠨ᠂ ᠦᠢᠯᠡᠳᠪᠦᠷᠢᠯᠡᠯ ᠠᠮᠢᠳᠤᠷᠠᠯ ᠤᠨ ᠬᠢᠨᠢ ᠪᠠᠶᠢᠳᠠᠯ ᠢ ᠤᠶᠢᠯᠠᠭᠠᠵᠤ᠂ | ᠬᠦᠴᠢᠷ ᠲᠦᠪᠡᠭ ᠳᠤᠬᠢᠶᠠᠯᠳᠤᠪᠠᠯ ᠲᠡᠬᠦᠨ ᠢ ᠡᠷᠢᠬᠦ ᠶᠢ ᠰᠠᠨᠠᠭᠤᠯᠵᠠᠢ᠃ | ︽ᠦᠨᠦᠳᠦᠷ ᠭᠡᠷᠬᠡᠢ ᠲᠠᠢ ᠪᠠᠨ ᠶᠠᠷᠢᠯᠴᠠᠭᠠᠳ ᠬᠤᠰᠢᠭᠤᠨ ᠲᠦᠪ ᠲᠤ ᠪᠠᠶᠢᠭ᠎ᠠ ᠨᠠᠰᠤᠲᠠᠶᠢᠴᠤᠳ ᠢᠶᠠᠨ | ᠳᠤᠬᠤᠨᠢᠭᠤᠯᠤᠯᠠ︔ ᠪᠢ ᠨᠢᠭᠡᠨ ᠨᠠᠮ ᠤᠨ ᠬᠡᠰᠢᠬᠦᠨ ᠪᠤᠯᠤᠭᠰᠠᠨ ᠤ ᠬᠤᠪᠢ ᠳᠤ ᠵᠠᠯᠠᠭᠤ ᠨᠠᠮ ᠤᠨ ᠬᠡᠰᠢᠬᠦᠳ ᠲᠤ ᠪᠠᠨ | ᠳᠠᠭᠤᠷᠢᠶᠠᠯ ᠪᠤᠯᠵᠤ ᠳᠠᠭᠠᠭᠤᠯᠬᠤ ᠦᠢᠯᠡᠳᠦᠯ ᠦᠵᠡᠬᠦᠯᠦᠶ᠎ᠡ ᠭᠡᠵᠤ ᠪᠤᠳᠤᠭᠰᠠᠨ ᠶᠤᠮ︾ ᠭᠡᠵᠤ ᠰᠡᠴᠡᠨᠳᠡᠯᠭᠡᠷ ᠶᠠᠷᠢᠯ᠎ᠠ᠃ | ᠠᠯᠲᠠᠨᠴᠢᠮᠡᠭ ᠪᠤᠯ ᠰᠡᠴᠡᠨᠳᠡᠯᠭᠡᠷ ᠤᠨ ᠨᠣᠲᠤᠭ ᠤᠨ ᠡᠭᠡᠴᠢ ᠨᠢ ᠪᠤᠯᠤᠨ᠎ᠠ᠃ ᠠᠯᠲᠠᠨᠴᠢᠮᠡᠭ ᠡᠪᠦᠭᠡᠨ ᠲᠠᠢ ᠪᠠᠨ | ᠬᠤᠶᠠᠭᠤᠯᠠ ᠡᠪᠡᠳᠴᠢᠨ ᠬᠠᠭᠤᠴᠢᠨ ᠲᠠᠢ ᠮᠦᠷᠲᠡᠭᠡᠨ᠂ ᠭᠤᠷᠪᠠᠨ ᠬᠡᠥᠬᠡᠨ ᠨᠢ ᠬᠠᠷᠢ ᠳᠤ ᠮᠤᠷᠳᠠᠭᠰᠠᠨ ᠠᠴᠠ ᠦᠷᠭᠦᠯᠵᠢ | ᠬᠠᠵᠠᠭᠤ ᠳᠤ ᠨᠢ ᠪᠠᠶᠢᠵᠤ ᠬᠠᠪᠰᠤᠷᠤᠯᠭ᠎ᠠ ᠪᠣᠯᠵᠤ ᠴᠢᠳᠠᠬᠤ ᠦᠭᠡᠢ ᠪᠠᠶᠢᠳᠠᠭ ᠠᠴᠠ ᠰᠡᠴᠡᠨᠳᠡᠯᠭᠡᠷ ᠵᠠᠪ ᠴᠢᠯᠦᠭᠡ ᠤᠯᠳᠠᠪᠠᠯ | ᠬᠤᠶᠠᠷ ᠨᠠᠰᠤᠲᠠᠨ ᠢ ᠡᠷᠬᠢᠨ ᠦᠵᠡᠵᠤ ᠬᠠᠪᠰᠤᠷᠤᠨ ᠳᠤᠰᠠᠯᠠᠳᠠᠭ ᠪᠠᠶᠢᠨ᠎ᠠ᠃ | ᠨᠠᠰᠤᠲᠠᠨ ᠠᠯᠲᠠᠨᠴᠢᠮᠡᠭ ︽ᠰᠡᠴᠡᠨᠳᠡᠯᠭᠡᠷ ᠲᠠᠢ ᠨᠢᠭᠡ ᠬᠤᠲᠠ ᠤᠰᠤᠨ ᠳᠤ ᠦᠰᠦᠭᠰᠡᠨ︔ ᠬᠠᠷᠠᠬᠠᠨ ᠪᠠᠭ᠎ᠠ ᠠᠴᠠ ᠪᠠᠨ | ᠪᠤᠰᠤᠳ ᠢ ᠳᠤᠰᠠᠯᠠᠬᠤ ᠳᠤᠷᠠᠲᠠᠢ ᠪᠠᠶᠢᠳᠠᠭ︔ ᠡᠨᠡ ᠤᠳᠠᠭ᠎ᠠ ᠨᠢᠭᠡᠨ ᠨᠠᠮ ᠤᠨ ᠬᠡᠰᠢᠬᠦᠨ ᠤ ᠬᠤᠪᠢ ᠪᠠᠷ ᠪᠢᠳᠡᠨ ᠢ | ᠳᠤᠬᠤᠨᠢᠭᠤᠯᠤᠭᠰᠠᠨ ᠳᠤ ᠮᠠᠰᠢ ᠶᠡᠭᠡ ᠪᠠᠶᠠᠷᠯᠠᠵᠤ ᠪᠠᠶᠢᠨ᠎ᠠ︾ ᠭᠡᠵᠤ ᠶᠠᠷᠢᠯ᠎ᠠ᠃ | ᠰᠡᠴᠡᠨᠳᠡᠯᠭᠡᠷ ᠭᠡᠷᠭᠡᠢ ᠲᠠᠢ ᠪᠠᠨ ᠬᠤᠶᠠᠭᠤᠯᠠ ᠰᠢᠪᠡᠭᠡᠲᠦ ᠭᠠᠴᠠᠭᠠᠨ ᠤ ᠬᠡᠷᠡᠮ ᠤᠨ ᠤᠰᠤ ᠬᠤᠲᠠᠨ ᠳᠤ ᠮᠠᠯᠴᠢᠨ ᠵᠠᠶᠠᠭ᠎ᠠ | ᠳᠡᠭᠡᠳᠦᠯᠡᠨ ᠠᠵᠤ ᠲᠦᠷᠦᠨ ᠠᠮᠢᠳᠤᠷᠠᠵᠤ ᠪᠠᠶᠢᠳᠠᠭ᠃ ᠬᠠᠶᠢᠷᠠᠲᠠᠢ ᠬᠦᠤ ᠪᠠᠨ ᠬᠦᠮᠦᠨ ᠤ ᠵᠡᠷᠭᠡ ᠳᠤ ᠬᠦᠷᠭᠡᠵᠤ ᠨᠠᠰᠤᠲᠠᠢ | ᠪᠤᠭᠤᠷᠤᠯ ᠠᠪᠤ ᠪᠠᠨ ᠠᠴᠢᠯᠠᠨ ᠬᠦᠨᠳᠦᠯᠡᠵᠤ ᠶᠠᠪᠤᠬᠤ ᠳᠤ ᠪᠠᠨ ᠲᠡᠷᠡ ᠠᠭᠤᠤ ᠨᠠᠮ ᠤᠨ ᠢᠶᠠᠨ ᠠᠴᠢ ᠡᠨᠡᠷᠢᠯ ᠢᠶᠠᠷ ᠠᠵᠠ | ᠵᠢᠷᠭᠠᠯ ᠲᠠᠢ ᠠᠮᠢᠳᠤᠷᠠᠯ ᠢᠶᠠᠨ ᠴᠤᠭᠴᠠᠯᠠᠵᠤ ᠶᠠᠪᠤᠭ᠎ᠠ ᠳᠤ ᠪᠠᠨ ᠰᠡᠳᠬᠢᠯ ᠬᠠᠩᠭᠠᠯᠤᠭᠤᠨ ᠪᠠᠶᠢᠳᠠᠭ ᠪᠦᠭᠡᠳ ᠨᠢᠭᠡᠨ | ᠨᠠᠮ ᠤᠨ ᠬᠡᠰᠢᠬᠦᠨ ᠪᠤᠯᠤᠭᠰᠠᠨ ᠤ ᠬᠤᠪᠢ ᠳᠤ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠠᠨ᠂ ᠤᠯᠠᠨ ᠲᠦᠮᠡᠨ ᠤ ᠪᠠᠨ | ᠬᠦᠴᠢᠷ ᠲᠦᠪᠡᠭ ᠢ ᠬᠠᠪᠰᠤᠷᠤᠨ ᠰᠢᠢᠳᠪᠦᠷᠢᠯᠡᠬᠦ ᠪᠠᠷ ᠴᠢᠷᠮᠠᠶᠢᠵᠤ᠂ ᠤᠯᠠᠨ ᠲᠦᠮᠡᠨ ᠳᠤ ᠪᠤᠳᠠᠳᠠᠢ ᠠᠵᠢᠯ ᠬᠢᠵᠤ ᠤᠭ | ᠰᠠᠨᠠᠭ᠎ᠠ ᠡᠬᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠤ᠂ ᠨᠠᠮ ᠤᠨ ᠢᠷᠠᠭᠤ ᠠᠯᠳᠠᠷᠲᠦ ᠤᠯᠠᠮᠵᠢᠯᠠᠯ ᠪᠤᠯᠤᠨ ᠰᠢᠯᠢᠳᠡᠭ | ᠰᠤᠷᠳᠠᠯ ᠢᠶᠠᠨ ᠪᠠᠳᠠᠷᠠᠭᠤᠯᠵᠤ ᠪᠤᠢ᠃ |