︽ᠠᠪᠤ ᠶᠢᠨ ᠢᠶᠠᠨ ᠤᠷᠭ᠎ᠠ ᠶᠢ ᠪᠠᠷᠢᠵᠦ ᠰᠤᠷ ᠠᠳᠤᠭᠤ ᠮᠠᠯ ᠴᠢᠨᠢ ᠦᠰᠦᠨ᠎ᠡ᠂ ᠡᠵᠢ ᠶᠢᠨ ᠢᠶᠠᠨ ᠵᠡᠬᠦᠦ ᠶᠢ ᠪᠠᠷᠢᠵᠦ | ᠰᠤᠷ ᠡᠷᠳᠡᠮ ᠦᠢᠯᠡ ᠴᠢᠨᠢ ᠪᠦᠳᠦᠨ᠎ᠡ︾ ᠬᠡᠵᠦ ᠮᠤᠩᠭᠤᠯᠴᠤᠳ ᠤᠨ ᠬᠡᠷ ᠤᠨ ᠰᠤᠷᠭᠠᠯ ᠳᠤ ᠬᠡᠦᠬᠡᠳ ᠢ ᠬᠠᠷᠠᠬᠠᠨ ᠪᠠᠭ᠎ᠠ | ᠠᠴᠠ ᠨᠢ ᠮᠠᠯᠵᠢᠬᠤ ᠠᠮᠢᠳᠤᠷᠠᠯ ᠳᠤ ᠤᠶᠢᠷᠠᠳᠤᠭᠤᠯᠤᠨ᠂ ᠬᠡᠷ ᠤᠨ ᠳᠤᠳᠤᠨ᠎ᠠ ᠭᠠᠳᠠᠨᠠᠬᠢ ᠠᠵᠢᠯ ᠳᠤ ᠴᠠᠭᠠᠷᠠᠬᠤ ᠶᠢ | ᠰᠤᠷᠭᠠᠳᠠᠭ᠃ ᠠᠵᠢᠯᠴᠢ ᠠᠶᠢᠯ ᠤᠨ ᠠᠷᠢᠭᠤᠨ ᠭᠤᠯᠤᠮᠳᠠ ᠶᠢ ᠵᠠᠯᠭᠠᠵᠦ᠂ ᠭᠦᠳᠡᠯᠮᠦᠷᠴᠢ ᠬᠦᠮᠦᠨ ᠤ ᠨᠠᠨᠳᠢᠨ ᠴᠢᠨᠠᠷ ᠢ | ᠦᠪᠯᠡᠵᠦ᠂ ᠢᠰᠡᠬᠡᠢ ᠬᠢᠬᠦ᠂ ᠡᠮᠡᠬᠡᠯ ᠲᠦᠭᠦᠭᠡᠷᠴᠦ᠂ ᠨᠤᠭᠳᠤ ᠬᠠᠵᠠᠭᠠᠷ ᠵᠠᠩᠬᠢᠳᠬᠤ ᠵᠡᠷᠭᠡ ᠠᠯᠢ ᠤᠯᠠᠨ ᠦᠢᠯᠡ ᠶᠠᠪᠤᠳᠠᠯ | ᠢᠶᠠᠷ ᠢᠶᠠᠨ ᠮᠠᠯᠴᠢᠨ ᠤᠬᠠᠭᠠᠨ ᠢ ᠭᠠᠶᠢᠬᠠᠭᠤᠯᠵᠦ ᠶᠠᠪᠤᠭᠰᠠᠨ ᠨᠢᠬᠡᠨ ᠨᠠᠰᠤᠳᠠᠨ ᠪᠤᠯ ᠪᠤᠭᠳᠠ ᠶᠢᠨ ᠭᠤᠤᠯ ᠰᠤᠮᠤᠨ ᠤ | ᠪᠤᠭᠳᠠ ᠶᠢᠨ ᠭᠤᠤᠯ ᠭᠠᠴᠠᠭ᠎ᠠ ᠪᠠᠷ ᠨᠤᠲᠤᠭᠳᠠᠢ ᠯᠠᠩᠳᠤ ᠪᠤᠯᠤᠨ᠎ᠠ᠃ ᠲᠡᠷᠡᠪᠡᠷ ᠬᠤᠳᠠ ᠤᠷᠤᠭᠠᠳ ᠠᠷᠪᠠᠭᠠᠳ ᠵᠢᠯ ᠤᠨ | ᠨᠢᠭᠤᠷ ᠦᠵᠡᠵᠦ ᠪᠠᠶᠢᠭ᠎ᠠ ᠪᠤᠯᠪᠠᠴᠦ ᠠᠷᠠᠰᠦ ᠢᠳᠡᠬᠡᠯᠡᠬᠦ᠂ ᠰᠤᠷ ᠬᠢᠬᠦ᠂ ᠡᠮᠡᠬᠡᠯ ᠤᠷᠠᠯᠠᠬᠤ᠂ ᠢᠰᠡᠬᠡᠢ ᠰᠢᠷᠢᠬᠦ ᠵᠡᠷᠬᠡ | ᠦᠪᠡᠷ ᠤᠨ ᠳᠤᠷ᠎ᠠ ᠪᠠᠬ᠎ᠠ ᠲᠠᠢ ᠦᠢᠯᠡ ᠪᠠᠨ ᠶᠡᠷᠦ ᠤᠷᠬᠢᠭᠳᠠᠭᠤᠯᠤᠭᠰᠠᠨ ᠦᠬᠡᠢ ᠠᠪᠴᠦ ᠶᠠᠪᠤᠭᠰᠠᠨ ᠨᠢ ᠦᠨᠡᠭᠡᠷ | ᠪᠢᠰᠢᠷᠡᠯᠲᠠᠢ ᠪᠢᠯᠡ︕ | 2011 ᠤᠨ ᠳᠤ ᠡᠳᠡᠨᠡᠶᠢᠬᠢᠨ ᠬᠤᠳᠠ ᠤᠷᠤᠵᠦ ᠠᠰᠠᠷ ᠲᠠᠭᠳᠤ ᠳᠤ ᠰᠠᠭᠤᠷᠢᠰᠢᠭᠰᠠᠨ ᠪᠤᠯᠪᠠᠴᠦ ᠦᠪᠡᠷ ᠤᠨ | ᠦᠬᠡᠷ ᠬᠤᠨᠢᠨ ᠤ ᠠᠷᠠᠰᠤ ᠪᠠᠨ ᠢᠳᠡᠬᠡᠯᠡᠵᠦ ᠪᠤᠯᠪᠠᠰᠤᠷᠠᠭᠤᠯᠤᠭᠰᠠᠭᠠᠷ ᠢᠷᠡᠵᠦ᠂ ᠭᠠᠷ ᠢᠶᠠᠷ ᠬᠢᠭᠰᠡᠨ ᠡᠮᠡᠬᠡᠯ᠂ ᠬᠠᠵᠠᠭᠠᠷ᠂ | ᠴᠢᠳᠤᠷ᠂ ᠨᠤᠭᠲᠤ᠂ ᠰᠢᠷᠢᠭᠰᠡᠨ ᠢᠰᠡᠬᠡᠢ ᠤᠷᠠᠯᠠᠯ ᠢᠶᠠᠷ ᠤᠷᠤᠨ ᠬᠡᠷ ᠢᠶᠠᠨ ᠭᠤᠶᠤᠯᠠᠵᠦ᠂ ᠬᠤᠳᠠ ᠤᠷᠤᠭᠰᠠᠨ ᠮᠠᠯᠴᠢᠨ | ᠠᠶᠢᠯ ᠤᠨ ᠡᠳᠡᠬᠡᠳ ᠰᠠᠶᠢᠬᠠᠨ ᠢ ᠤᠷᠤᠭᠰᠠᠨ ᠬᠦᠮᠦᠨ ᠪᠤᠯᠭᠠᠨ ᠳᠤ ᠬᠠᠷᠠᠭᠤᠯᠤᠨ᠎ᠠ ᠡ᠃ ᠤᠷᠴᠢᠮᠬᠠᠨ᠂ ᠯᠠᠩᠳᠤ ᠨᠠᠰᠤᠳᠠᠨ | ᠬᠡᠳᠦᠨ ᠰᠠᠷ᠎ᠠ ᠶᠢᠨ ᠴᠠᠭ ᠵᠠᠷᠤᠴᠠᠭᠤᠯᠵᠦ ᠶᠠᠰᠤᠨ ᠬᠢᠴᠡ ᠲᠠᠢ ᠡᠮᠡᠬᠡᠯ ᠢᠶᠠᠨ ᠬᠢᠵᠦ ᠳᠠᠭᠤᠰᠬᠠᠯ᠎ᠠ ᠬᠡᠰᠡᠨ ᠰᠠᠶᠢᠬᠠᠨ ᠴᠢᠮᠡᠭᠡ | ᠪᠠᠷ ᠪᠢᠳᠡ ᠳᠡᠬᠦᠨ ᠤ ᠬᠡᠷ ᠢ ᠴᠢᠭᠯᠡᠵᠦ᠂ ᠤᠷᠠᠯᠠᠵᠦ ᠬᠢᠭᠰᠡᠨ ᠪᠦᠳᠦᠬᠡᠯ ᠢ ᠨᠢ ᠰᠤᠨᠢᠷᠬᠠᠬᠤ ᠪᠠᠷ ᠬᠦᠷᠦᠭᠰᠡᠨ ᠪᠢᠯᠡ᠃ | ᠳᠠᠪᠤᠨ ᠬᠤᠰᠢᠭᠤ ᠮᠠᠯ ᠪᠤᠯ ᠲᠡᠷᠡ ᠴᠢᠭ ᠢᠶᠠᠷ ᠢᠶᠠᠨ ᠯᠠ ᠠᠮᠢᠳᠤ ᠡᠷᠳᠡᠨᠢ ᠬᠡᠳᠡᠭ ᠢᠶᠠᠷ ᠳᠡᠬᠦᠨ ᠤ ᠤᠬᠠᠭᠠᠨ ᠬᠦᠳᠡᠯᠮᠤᠷᠢ | ᠪᠠᠨ ᠰᠢᠩᠬᠡᠬᠡᠵᠦ᠂ ᠠᠪᠢᠶᠠᠰ ᠪᠢᠯᠢᠭ ᠢᠶᠠᠨ ᠬᠤᠷᠴᠠᠯᠠᠵᠦ ᠬᠢᠭᠰᠡᠨ ᠡᠮᠡᠬᠡᠯ ᠨᠢ ᠮᠠᠯ ᠤᠨ ᠠᠷᠠᠰᠤ᠂ ᠨᠤᠤᠰᠤ᠂ ᠬᠢᠯᠭᠠᠰᠤ ᠠᠴᠠ | ᠭᠠᠳᠠᠨ᠎ᠠ ᠳᠠᠪᠤᠨ ᠬᠤᠰᠢᠭᠤ ᠮᠠᠯ ᠤᠨ ᠶᠠᠰᠤ ᠪᠠᠷ ᠭᠤᠤᠯ ᠪᠤᠯᠠᠭ᠋ᠨ ᠤᠷᠠᠯᠠᠵᠦ᠂ ᠡᠮᠡᠬᠡᠯ ᠤᠨ ᠢᠶᠠᠨ ᠬᠢᠷ᠎ᠠ ᠶᠢ ᠠᠳᠤᠭᠤᠨ ᠤ | ᠬᠠᠪᠢᠷᠭᠠᠨ ᠶᠠᠰᠤ ᠪᠠᠷ᠂ ᠭᠠᠨᠵᠤᠭᠠᠨ ᠰᠦᠪᠡᠭᠴᠢ ᠶᠢ ᠨᠢ ᠠᠳᠤᠭᠤᠨ ᠤ ᠰᠢᠯᠪᠢᠨ ᠤ ᠶᠠᠰᠤ ᠪᠠᠷ᠂ ᠪᠠᠭᠠᠪᠤᠷ ᠢ ᠨᠢ ᠲᠡᠮᠡᠬᠡᠨ | ᠤ ᠱᠠᠭᠠᠨᠳᠤ ᠶᠢᠨ ᠶᠠᠰᠤ ᠪᠠᠷ᠂ ᠲᠠᠷᠤᠭᠤᠯᠭ᠎ᠠ ᠶᠢ ᠨᠢ ᠦᠬᠡᠷ ᠤᠨ ᠳᠤᠮᠳᠠ ᠴᠢᠮᠦᠬᠡᠨ ᠤ ᠶᠠᠰᠤ ᠪᠠᠷ ᠲᠤᠰ ᠲᠤᠰ ᠤᠷᠠᠯᠠᠨ | ᠬᠢᠵᠦ᠂ ᠳᠦᠷᠦᠬᠡᠨ ᠲᠡᠮᠦᠷ ᠢ ᠨᠢ ᠶᠠᠰᠤ ᠪᠠᠷ ᠪᠦᠷᠢᠵᠦ ᠤᠷᠠᠯᠠᠨ᠂ ᠬᠠᠵᠠᠭᠠᠷ ᠢ ᠨᠢ ᠬᠤᠨᠢᠨ ᠤ ᠱᠠᠭᠠᠨᠳᠤ ᠶᠢᠨ ᠶᠠᠰᠤ ᠪᠠᠷ | ᠪᠦᠬᠡᠵᠢᠯᠡᠵᠦ ᠭᠠᠷᠭᠠᠨ᠂ ᠳᠡᠬᠡᠷ᠎ᠡ ᠨᠢ ᠵᠡᠰ ᠬᠢᠴᠡ ᠲᠠᠢ ᠬᠠᠰ ᠲᠠᠮᠠᠭ᠎ᠠ ᠪᠠᠷ ᠴᠢᠮᠡᠭᠯᠡᠵᠦ᠂ ᠲᠤᠪᠤᠷᠤᠤ ᠶᠢ ᠨᠢ ᠲᠤᠮᠳᠠ | ᠴᠢᠮᠦᠬᠡᠨ ᠤ ᠪᠤᠯᠤᠤ ᠶᠠᠰᠤ ᠪᠠᠷ ᠤᠷᠠᠯᠠᠵᠤ ᠬᠢᠭᠰᠡᠨ ᠢᠶᠠᠷ ᠮᠠᠯᠴᠢᠨ ᠠᠪᠤ ᠶᠢᠨ ᠤᠷᠠᠨ ᠰᠡᠳᠬᠢᠬᠦᠢ᠂ ᠤᠬᠠᠭᠠᠨ ᠬᠦᠳᠡᠯᠮᠤᠷᠢ | ᠠᠴᠠ ᠤᠨᠳᠤᠷᠠᠭᠰᠠᠨ ᠪᠦᠬᠦᠯᠢ ᠭᠠᠷ ᠬᠢᠴᠡ ᠲᠠᠢ ᠶᠠᠰᠤᠨ ᠡᠮᠡᠬᠡᠯ ᠬᠠᠷᠠᠭᠰᠠᠨ ᠬᠦᠮᠦᠨ ᠤ ᠬᠠᠷᠠᠭ᠎ᠠ ᠶᠢ ᠪᠤᠯᠢᠶᠠᠮᠠᠷ ᠦᠵᠡᠮᠦᠷᠢ | ᠲᠠᠢ ᠰᠠᠶᠢᠬᠠᠨ ᠪᠦᠳᠦᠬᠡᠯ ᠪᠤᠯᠵᠠᠢ᠃ ᠶᠠᠰᠤᠨ ᠬᠢᠴᠡ ᠲᠠᠢ ᠡᠮᠡᠬᠡᠯ ᠤᠷᠠᠯᠠᠵᠦ ᠬᠢᠬᠦ ᠨᠢ ᠳᠡᠶᠢᠮᠦ ᠴᠤ ᠬᠢᠯᠪᠡᠷ ᠠᠵᠢᠯ ᠪᠢᠰᠢ | ᠶᠤᠮ᠃ ᠮᠠᠯ ᠤᠨ ᠶᠠᠰᠤ ᠶᠢ ᠬᠢᠷᠦᠬᠡᠳᠦᠵᠦ᠂ ᠵᠦᠰᠦᠵᠦ ᠂ ᠰᠡᠶᠢᠯᠵᠦ᠂ ᠵᠦᠬᠡᠯᠡᠷᠡᠬᠦᠯᠬᠦ ᠵᠡᠷᠬᠡ ᠤᠯᠠᠨ ᠶᠠᠪᠤᠴᠠ ᠳᠤᠮᠳᠠ | ᠮᠠᠯᠴᠢᠨ ᠬᠦᠮᠦᠨ ᠤ ᠠᠮᠢᠳᠤᠷᠠᠯ ᠤᠨ ᠪᠤᠷᠤ ᠤᠬᠠᠭᠠᠨ ᠠᠴᠠ ᠭᠠᠳᠠᠨ᠎ᠠ ᠂ ᠵᠤᠬᠢᠬᠤ ᠮᠡᠷᠬᠡᠵᠢᠯ ᠮᠡᠳᠡᠯᠬᠡ ᠱᠠᠭᠠᠷᠳᠠᠭᠳᠠᠬᠤ ᠨᠢ | ᠮᠡᠳᠡᠬᠡᠵᠢ ᠶᠤᠮ᠃ ︽ᠶᠠᠭᠤᠮ᠎ᠠ ᠶᠢ ᠴᠢᠨᠢ ᠬᠦᠮᠦᠨ ᠬᠢᠵᠦ ᠪᠠᠶᠢᠵᠦ ᠯᠡ ᠰᠤᠷᠤᠨ᠎ᠠ᠂ ᠮᠡᠳᠡᠨ᠎ᠡ᠃ ᠬᠢᠬᠦ ᠶᠢᠨ ᠳᠤᠮᠳᠠ | ᠰᠤᠷᠬᠤ ᠯᠠ ᠰᠠᠶᠢᠬᠠᠨ᠃ ᠪᠢ ᠠᠪᠤ ᠠᠴᠠ ᠪᠠᠨ ᠰᠤᠷ ᠡᠳ᠋ᠯᠡᠯ ᠬᠢᠬᠦ ᠶᠢ᠂ ᠡᠵᠢ ᠶᠢᠨ ᠢᠶᠠᠨ ᠢᠰᠡᠬᠡᠢ ᠬᠢᠬᠦ ᠤᠷ᠎ᠠ ᠶᠢ | ᠵᠠᠯᠭᠠᠮᠵᠢᠯᠠᠵᠦ ᠠᠪᠤᠭᠰᠠᠨ᠃ ᠡᠨᠡᠬᠦ ᠰᠠᠭᠤᠷᠢᠨ ᠳᠡᠬᠡᠷ᠎ᠡ ᠳᠦᠷᠦᠬᠦᠦ ᠬᠡᠳᠦᠨ ᠵᠢᠯ ᠬᠤᠰᠢᠭᠤ ᠠᠵᠢᠯ ᠤᠯᠭᠤᠯᠳᠠ ᠶᠢᠨ | ᠳᠤᠪᠴᠢᠶ᠎ᠠ ᠠᠴᠠ ᠡᠷᠬᠢᠯᠡᠭᠰᠡᠨ ᠪᠤᠯᠪᠠᠰᠤᠷᠠᠯ ᠳᠤ ᠤᠷᠤᠯᠴᠠᠬᠤ ᠪᠠᠷ ᠳᠠᠮᠵᠢᠭᠠᠳ ᠠᠷᠠᠰᠤᠨ ᠪᠤᠭᠴᠤ᠂ ᠠᠷᠠᠰᠤᠨ ᠭᠤᠳᠤᠯ | ᠤᠶᠤᠬᠤ᠂ ᠠᠷᠠᠰᠤᠨ ᠡᠳ᠋ᠯᠡᠯ ᠳᠡᠬᠡᠷᠡᠬᠢ ᠰᠢᠷ ᠪᠤᠳᠤᠭ ᠳᠠᠭᠠᠷᠠᠭᠤᠯᠬᠤ ᠮᠨᠳᠦ ᠶᠢᠨ ᠮᠡᠷᠬᠡᠵᠢᠯ ᠢ ᠤᠯᠠᠮ ᠨᠢᠬᠡ ᠠᠯᠬᠤᠮ | ᠰᠤᠷᠴᠦ ᠡᠵᠡᠮᠰᠢᠵᠦ ᠴᠢᠳᠠᠭᠰᠠᠨ ᠢᠶᠠᠷ ᠤᠯᠠᠨ ᠰᠠᠶᠢᠬᠠᠨ ᠭᠠᠷ ᠤᠷᠠᠯᠠᠯ ᠤᠨ ᠪᠦᠳᠦᠬᠡᠯ ᠴᠤ ᠬᠢᠵᠦ ᠭᠠᠷᠭᠠᠭᠰᠠᠨ︾ ᠬᠡᠵᠦ | ᠨᠠᠰᠤᠳᠠᠨ ᠭᠤᠸᠠᠢ ᠪᠠᠶᠠᠷ ᠲᠠᠢ ᠶᠠᠷᠢᠨ᠎ᠠ᠃ | ᠨᠠᠰᠤᠨ ᠳᠤᠷᠰᠢᠳᠠ ᠪᠠᠨ ᠰᠤᠷᠴᠦ ᠮᠡᠷᠬᠡᠰᠢᠬᠦ᠂ ᠬᠢᠵᠦ ᠪᠦᠳᠦᠬᠡᠬᠦ ᠳᠤ ᠲᠤᠷ᠎ᠠ ᠪᠠᠬ᠎ᠠ ᠲᠠᠢ ᠶᠠᠪᠤᠭᠰᠠᠨ ᠲᠡᠷᠡᠪᠡᠷ | ᠪᠤᠯᠪᠠᠰᠤᠷᠠᠯ ᠳᠤ ᠤᠷᠤᠯᠴᠠᠵᠦ ᠲᠤᠰᠬᠠᠢ ᠪᠠᠭᠰᠢ ᠠᠴᠠ ᠠᠷᠠᠰᠤᠨ ᠡᠳ᠋ᠯᠡᠯ ᠤᠶᠤᠬᠤ ᠶᠢ ᠰᠤᠷᠤᠭᠰᠠᠨ ᠠᠴᠠ ᠬᠤᠶᠢᠰᠢ | ᠰᠠᠨᠠᠭᠠᠨ ᠳᠤ ᠪᠠᠨ ᠬᠦᠷᠦᠭᠰᠡᠨ ᠭᠠᠷ ᠬᠢᠴᠡ ᠲᠠᠢ ᠠᠷᠠᠰᠤᠨ ᠬᠦᠯᠢᠮ ᠤᠶᠤᠵᠦ ᠦᠵᠡᠬᠦ ᠶᠤᠮᠰᠠᠨ ᠬᠡᠵᠦ ᠵᠤᠷᠢᠭ ᠰᠢᠭᠤᠳᠤᠨ | ᠡᠨᠡ ᠵᠢᠯ ᠦᠪᠡᠷ ᠤᠨ ᠢᠳᠡᠬᠡᠯᠡᠵᠦ ᠡᠯᠳᠡᠭᠰᠡᠨ ᠦᠬᠡᠷ ᠤᠨ ᠠᠷᠠᠰᠤ ᠪᠠᠨ ᠵᠢᠷᠤᠵᠤ ᠡᠰᠬᠡᠨ ᠬᠤᠶᠠᠷ ᠳᠠᠪᠬᠤᠷᠯᠠᠵᠦ᠂ | ᠠᠷᠠᠰᠤᠨ ᠬᠦᠯᠢᠮ ᠤᠨ ᠢᠶᠠᠨ ᠬᠦᠪᠡᠭᠡ ᠶᠢ ᠨᠢ ᠠᠳᠤᠭᠤᠨ ᠤ ᠰᠤᠷ ᠢᠶᠠᠷ ᠨᠢᠬᠡ ᠨᠢᠬᠡ ᠵᠡᠬᠦᠦ ᠪᠠᠷ ᠨᠢᠮᠪᠠᠢ ᠰᠠᠶᠢᠬᠠᠨ ᠱᠠᠭᠯᠠᠵᠤ | ᠤᠶᠤᠨ᠂ ᠬᠦᠯᠢᠮ ᠳᠡᠬᠡᠷ᠎ᠡ ᠪᠠᠨ ᠰᠢᠩᠬᠡᠨ ᠤᠰᠤᠨ ᠪᠤᠳᠤᠭ᠂ ᠲᠤᠰᠤᠨ ᠪᠤᠳᠤᠭ ᠪᠠᠷ ᠦᠩᠬᠡ ᠤᠷᠤᠭᠤᠯᠤᠨ᠂ ᠬᠡ | ᠤᠭᠠᠯᠵᠠ ᠡᠰᠬᠡᠵᠦ ᠤᠶᠤᠭᠰᠠᠨ ᠪᠦᠬᠦᠯᠢ ᠭᠠᠷ ᠬᠢᠴᠡ ᠲᠠᠢ ᠠᠷᠠᠰᠤᠨ ᠬᠦᠯᠢᠮ ᠨᠢ ᠠᠳᠤᠭᠤᠴᠢᠨ ᠬᠦᠮᠦᠨ ᠤ ᠪᠠᠬ᠎ᠠ ᠶᠢ | ᠲᠠᠲᠠᠮᠠᠷ᠂ ᠤᠷᠭᠠᠴᠢᠨ ᠬᠦᠮᠦᠨ ᠤ ᠬᠠᠶᠢᠷ᠎ᠠ ᠶᠢ ᠪᠤᠯᠢᠶᠠᠮᠠᠷ ᠦᠵᠡᠮᠵᠢ ᠳᠡᠬᠦᠰ ᠮᠦᠷᠳᠡᠬᠡᠨ ᠪᠠᠬᠢᠯᠢᠭ᠌ ᠰᠠᠶᠢᠬᠠᠨ ᠬᠦᠯᠢᠮ | ᠪᠤᠯᠵᠦ᠂ ᠵᠠᠷᠢᠮ ᠨᠢᠬᠡ ᠨᠢ ᠦᠨᠳᠤᠷ ᠦᠨ᠎ᠡ ᠬᠠᠶᠠᠵᠦ ᠬᠤᠳᠠᠯᠳᠤᠵᠦ ᠠᠪᠤᠶ᠎ᠠ ᠬᠡᠰᠡᠨ ᠪᠤᠯᠪᠠᠴᠦ ᠬᠤᠳᠠᠯᠳᠤᠭᠰᠠᠨ ᠦᠬᠡᠢ | ᠬᠡᠳᠡᠭ ᠡ᠃ ᠬᠦᠮᠦᠨ ᠰᠡᠳᠬᠢᠯ ᠳᠤ ᠪᠠᠨ ᠨᠠᠨᠳᠢᠨ ᠬᠡᠵᠦ ᠪᠤᠳᠤᠭᠰᠠᠨ᠂ ᠳᠤᠷ᠎ᠠ ᠪᠠᠬ᠎ᠠ ᠲᠠᠢ ᠵᠦᠢᠯ ᠢᠶᠠᠨ ᠬᠢᠬᠦ ᠳᠤ ᠲᠡᠷᠢᠬᠢ | ᠤᠶᠤᠨ ᠢᠶᠠᠨ ᠰᠢᠪᠬᠠᠵᠦ᠂ ᠰᠡᠳᠬᠢᠯ ᠪᠤᠳᠤᠯ ᠢᠶᠠᠨ ᠬᠠᠷᠠᠮ ᠦᠬᠡᠢ ᠶᠡᠬᠦᠯᠡᠵᠦ ᠳᠤᠬᠠᠢ ᠶᠢᠨ ᠦᠢᠯᠡ ᠪᠠᠨ ᠬᠦᠢᠴᠡᠬᠡᠳᠡᠭ ᠨᠢ | ᠳᠠᠩ ᠭᠠᠭᠴᠠ ᠤᠷᠤᠯᠭ᠎ᠠ ᠤᠯᠬᠤ ᠶᠢᠨ ᠯᠠ ᠳᠦᠯᠦᠬᠡ ᠪᠢᠰᠢ ᠶᠤᠮ᠃ ᠬᠤᠳᠠᠴᠢᠯᠠᠯᠳᠠ ᠶᠢᠨ ᠤᠷᠤᠰᠬᠠᠯ ᠳᠤ ᠨᠢᠬᠡ ᠪᠦᠯᠦᠭ | ᠤᠯᠠᠮᠵᠢᠯᠠᠯᠳᠤ ᠰᠤᠶᠤᠯ ᠳᠤ ᠪᠠᠨ ᠬᠠᠶᠢᠷ᠎ᠠ ᠲᠠᠢ᠂ ᠮᠠᠯᠵᠢᠬᠤ ᠰᠤᠶᠤᠯ ᠤᠨ ᠢᠶᠠᠨ ᠦᠨ᠎ᠡ ᠴᠠᠨ᠎ᠠ ᠶᠢ ᠰᠠᠶᠢᠨ ᠮᠡᠳᠡᠵᠦ | ᠳᠡᠬᠦᠨ ᠢᠶᠠᠨ ᠦᠪᠯᠡᠵᠦ ᠤᠯᠠᠮᠵᠢᠯᠠᠬᠤ ᠪᠠᠷ ᠪᠠᠭ᠋ᠠᠷᠬᠠᠯ ᠪᠤᠯᠭᠠᠭᠰᠠᠨ ᠬᠤᠳᠠ ᠤᠷᠤᠭᠰᠠᠨ ᠬᠦᠮᠦᠰ ᠤᠨ ᠨᠢᠬᠡ ᠨᠢ ᠯᠠᠩᠳᠤ | ᠨᠠᠰᠤᠳᠠᠨ ᠪᠤᠯᠤᠨ᠎ᠠ᠃ ᠲᠡᠷᠡ ᠤᠷᠮ᠎ᠠ ᠵᠤᠷᠢᠭ ᠢᠶᠠᠨ ᠬᠦᠪᠴᠢᠯᠡᠵᠦ᠂ ᠰᠡᠳᠬᠢᠯ ᠬᠦᠴᠦ ᠪᠠᠨ ᠰᠢᠩᠬᠡᠬᠡᠵᠦ ᠤᠷᠠᠯᠠᠭᠰᠠᠨ | ᠪᠦᠳᠦᠬᠡᠯ ᠪᠦᠬᠦᠨ ᠢᠶᠠᠨ ᠠᠷᠠᠯᠵᠢᠶᠠᠯᠠᠬᠤ ᠶᠢᠨ ᠡᠬᠦᠳᠡᠨ ᠠᠴᠠ ᠯᠠ ᠤᠷᠠᠯᠠᠳᠠᠭ ᠪᠢᠰᠢ᠃ ︽ᠮᠠᠨ ᠤ ᠮᠤᠩᠭᠤᠯ ᠬᠦᠮᠦᠨ | ᠴᠢᠨᠢ ᠦᠪᠡᠷ ᠤᠨ ᠢᠶᠠᠨ ᠮᠠᠯ ᠢᠳᠡᠬᠡᠨ ᠤ ᠠᠷᠠᠰᠤ ᠰᠢᠷᠢ ᠪᠠᠷ ᠭᠠᠷ ᠦᠵᠦᠬᠦᠷ ᠵᠠᠷᠤᠬᠤ ᠨᠤᠭᠲᠤ ᠳᠤᠱᠠ ᠠᠴᠠ ᠡᠬᠢᠯᠡᠬᠡᠳ | ᠬᠠᠵᠠᠭᠠᠷ᠂ ᠬᠦᠯᠢᠮ ᠵᠡᠷᠬᠡ ᠠᠮᠢᠳᠤᠷᠠᠯ ᠦᠢᠯᠡᠳᠪᠤᠷᠢᠯᠡᠯ ᠳᠠᠬᠢ ᠡᠳ᠋ᠯᠡᠯ ᠬᠡᠷᠡᠭᠰᠡᠯ ᠢᠶᠠᠨ ᠬᠢᠬᠦ ᠨᠢ ᠪᠦᠷ ᠴᠤ ᠭᠤᠶᠤ᠃ ᠪᠡᠶ᠎ᠡ | ᠳᠤ ᠪᠠᠰᠠ ᠲᠠᠮᠢᠷ ᠲᠡᠩᠬᠡᠬᠡ ᠪᠤᠯᠤᠨ᠎ᠠ᠃ ᠶᠠᠭᠤᠮ᠎ᠠ ᠶᠢ ᠬᠦᠮᠦᠨ ᠦᠪᠡᠷ ᠤᠨ ᠭᠠᠷ ᠢᠶᠠᠷ ᠢᠶᠠᠨ ᠬᠢᠵᠦ ᠪᠦᠳᠦᠬᠡᠬᠦ ᠯᠡ | ᠰᠠᠶᠢᠬᠠᠨ᠂ ᠰᠤᠷ ᠡᠳ᠋ᠯᠡᠯ᠂ ᠠᠷᠠᠰᠤᠨ ᠡᠳ᠋ᠯᠡᠯ ᠬᠢᠬᠦ ᠨᠢ ᠮᠠᠯᠴᠢᠨ ᠬᠦᠮᠦᠨ ᠤ ᠬᠢᠪᠡᠰᠦ ᠵᠤᠬᠢᠬᠤ ᠡᠳᠦᠷ ᠲᠤᠳᠤᠮ ᠤᠨ | ᠶᠡᠷᠦᠳᠡ ᠶᠢᠨ ᠠᠵᠢᠯ ᠰᠢᠦ ᠳ᠋ᠠ᠃ ᠦᠪᠡᠷ ᠤᠨ ᠭᠠᠷ ᠢᠶᠠᠷ ᠬᠢᠭᠰᠡᠨ ᠶᠠᠭᠤᠮ᠎ᠠ ᠯᠡ ᠰᠠᠶ᠋ᠢ ᠵᠢᠩᠬᠢᠨᠢ ᠶᠠᠭᠤᠮ᠎ᠠ ᠪᠤᠯᠵᠦ | ᠴᠢᠳᠠᠳᠠᠭ᠃ ᠮᠠᠯ ᠤᠨ ᠢᠶᠠᠨ ᠠᠰᠢᠭ ᠰᠢᠮ᠎ᠡ ᠪᠠᠷ ᠬᠢᠭᠰᠡᠨ ᠵᠦᠢᠯᠡᠰ ᠢᠶᠠᠨ ᠦᠷ᠎ᠡ ᠬᠡᠦᠬᠡᠳ ᠲᠡᠭᠡᠨ ᠳᠠᠨᠢᠭᠤᠯᠵᠦ | ᠤᠯᠠᠮᠵᠢᠯᠠᠵᠦ ᠶᠠᠪᠤᠬᠤ ᠨᠢ ᠪᠢᠳᠡᠨ ᠤ ᠬᠠᠷᠢᠭᠤᠴᠠᠯᠭ᠎ᠠ︾ ᠬᠡᠵᠦ ᠨᠠᠰᠤᠳᠠᠨ ᠪᠠᠶᠠᠷᠳᠠᠢ ᠶᠠᠷᠢᠨ᠎ᠠ᠃ | ᠬᠦᠮᠦᠨ ᠤ ᠲᠤᠷ᠎ᠠ ᠪᠠᠬ᠎ᠠ ᠠᠪᠢᠶᠠᠰ ᠴᠢᠳᠠᠪᠤᠷᠢ ᠬᠡᠳᠡᠭ ᠴᠠᠭ ᠢᠮᠠᠭᠳᠠ ᠠᠮᠢᠳᠤᠷᠠᠯ ᠤᠨ ᠬᠢᠨᠢ ᠬᠡᠷᠡᠯ ᠬᠡᠬᠡ ᠪᠤᠯᠵᠦ᠂ | ᠡᠬᠡᠯ ᠵᠢᠷ ᠤᠨ ᠡᠳᠦᠷ ᠬᠤᠨᠤᠭ ᠢ ᠴᠤ ᠤᠳᠬ᠎ᠠ ᠠᠭᠤᠯᠭ᠎ᠠ ᠲᠠᠢ᠂ ᠪᠠᠶᠠᠷ ᠬᠦᠷ ᠲᠠᠢ ᠪᠤᠯᠭᠠᠳᠠᠭ᠃ ᠡᠳᠡᠬᠡᠷ ᠵᠢᠯ ᠤᠨ | ᠲᠤᠷᠰᠢ ᠡᠳᠡᠨᠡᠶᠢᠬᠢᠨ ᠬᠠᠨᠠᠨ ᠳᠡᠬᠡᠷ᠎ᠡ ᠡᠯᠬᠦᠳ᠋ᠩ ᠠᠳᠤᠭᠤᠨ ᠤ ᠬᠢᠯᠭᠠᠰᠤ ᠪᠠᠷ ᠵᠡᠬᠡᠭᠯᠡᠭᠰᠡᠨ 2.7×1.6 ᠮᠧᠲᠷ ᠬᠡᠮᠵᠢᠶ᠎ᠡ | ᠲᠠᠢ ᠢᠰᠡᠬᠡᠢ ᠤᠷᠠᠯᠠᠯ ᠠᠴᠠ ᠭᠠᠳᠠᠨ᠎ᠠ᠂ ᠢᠰᠡᠬᠡᠢ ᠬᠤᠮ ᠰᠢᠷᠢᠳᠡᠭ᠂ ᠳᠡᠷᠬᠡᠨ ᠰᠠᠭᠤᠳᠠᠯ ᠤᠨ ᠢᠰᠡᠬᠡᠢ ᠤᠯᠪᠤᠭ ᠵᠡᠷᠬᠡ | ᠶᠡᠭᠡ ᠪᠠᠭ᠎ᠠ ᠠᠳᠠᠯᠢ ᠪᠤᠰᠤ ᠬᠡᠮᠵᠢᠶᠡᠨ ᠤ ᠤᠯᠠᠨ ᠵᠦᠢᠯ ᠤᠨ ᠢᠰᠡᠬᠡᠢ ᠤᠶᠤᠳᠠᠯ ᠤᠶᠤᠵᠤ ᠤᠷᠠᠯᠠᠨ᠂ ᠬᠡᠷ ᠲᠤ ᠪᠠᠨ ᠴᠢᠮᠡᠭ | ᠪᠤᠯᠭᠠᠬᠤ ᠪᠠᠷ ᠵᠤᠬᠢᠶᠠᠭᠰᠠᠨ ᠵᠢᠵᠢᠭᠬᠡᠨ ᠭᠠᠷ ᠤᠷᠠᠯᠠᠯ ᠤᠨ ᠡᠮᠡᠬᠡᠯ᠂ ᠠᠷᠠᠰᠤᠨ ᠪᠤᠭᠴᠤ ᠤᠷᠠᠯᠠᠵᠦ ᠬᠢᠭᠰᠡᠨ ᠪᠠ | ᠨᠠᠰᠤᠳᠠᠶᠢᠴᠦᠳ ᠤᠨ ᠨᠠᠭᠠᠳᠳᠠᠭ ᠡᠬᠦᠳᠡᠨ ᠪᠦᠮᠪᠦᠭᠡ ᠶᠢᠨ ᠴᠤᠬᠢᠭᠤᠷ ᠮᠡᠳᠦ ᠶᠢᠨ ᠮᠤᠳᠤᠨ ᠡᠳ᠋ᠯᠡᠯ ᠤᠨ ᠵᠦᠢᠯ ᠢ ᠴᠤ | ᠰᠤᠨᠢᠷᠬᠠᠨ ᠬᠢᠵᠦ ᠤᠷᠤᠯᠳᠤᠵᠦ ᠰᠠᠭᠤᠳᠠᠭ ᠨᠢ ᠲᠦᠷᠦᠯ ᠰᠠᠳᠤᠨ᠂ ᠳᠠᠨᠢᠯ ᠬᠦᠮᠦᠰ ᠤᠨ ᠢᠶᠠᠨ ᠪᠠᠭ᠋ᠠᠷᠬᠠᠯ ᠳᠤ ᠬᠦᠷᠴᠦ᠂ | ᠶᠠᠭᠤᠮ᠎ᠠ ᠪᠤᠯᠭᠠᠨ ᠢ ᠤᠷᠤᠯᠳᠤᠵᠦ ᠦᠵᠡᠬᠦ ᠶᠤᠮᠰᠠᠨ ᠬᠡᠳᠡᠭ ᠦᠢᠯᠡᠰᠴᠢ ᠪᠦᠳᠦᠬᠡᠯᠴᠢ ᠬᠦᠮᠦᠨ ᠤ ᠨᠠᠨᠳᠢᠨ ᠴᠢᠨᠠᠷ ᠢ ᠬᠦᠮᠦᠨ | ᠵᠤᠨ ᠳᠤ ᠪᠠᠨ ᠬᠠᠷᠠᠭᠤᠯᠤᠭᠰᠠᠨ ᠪᠠᠶᠢᠳᠠᠭ᠃ | ᠨᠠᠰᠤᠳᠠᠨ ᠭᠤᠸᠠᠢ ᠪᠤᠰᠤᠳ ᠤᠨ ᠵᠠᠬᠢᠶᠠᠯᠭ᠎ᠠ ᠪᠠᠷ ᠠᠷᠠᠰᠤᠨ ᠡᠮ ᠤᠨ ᠲᠤᠯᠤᠮ ᠪᠤᠯᠤᠨ ᠭᠤᠷᠪᠡᠨ ᠬᠤᠨᠢᠨ ᠤ | ᠠᠷᠠᠰᠤ ᠶᠢ ᠢᠳᠡᠬᠡᠯᠡᠵᠦ ᠤᠶᠤᠭᠰᠠᠨ ᠳ᠋ᠢᠶᠠᠮᠧᠲᠷ ᠨᠢ 50 ᠰᠡᠨᠲ᠋ᠢᠮᠧᠲᠷ ᠤᠨ ᠮᠤᠩᠭᠤᠯ ᠡᠮ ᠤᠨ ᠮᠠᠩᠬᠠᠭ ᠵᠡᠷᠬᠡ ᠴᠤᠯᠤ | ᠠᠷᠠᠰᠤᠨ ᠬᠡᠷᠡᠭᠰᠡᠯ ᠢ ᠬᠡᠳᠦᠨ ᠰᠠᠷ᠎ᠠ ᠶᠢᠨ ᠴᠠᠭ ᠬᠡᠷᠡᠭᠰᠡᠵᠦ ᠬᠡᠷ ᠤᠨ ᠬᠦᠮᠦᠨ ᠲᠠᠢ ᠪᠠᠨ ᠬᠠᠮᠵᠢᠵᠦ ᠭᠠᠷ ᠢᠶᠠᠨ ᠭᠠᠷᠭᠠᠵᠦ | ᠤᠶᠤᠭᠰᠠᠨ ᠨᠢ ᠤᠯᠠᠮᠵᠢᠯᠠᠯᠳᠤ ᠠᠷᠠᠰᠤᠨ ᠡᠳ᠋ᠯᠡᠯ ᠢᠶᠠᠨ ᠨᠡᠩ ᠤᠯᠠᠨ ᠬᠦᠮᠦᠨ ᠳᠤ ᠳᠠᠨᠢᠭᠤᠯᠵᠦ ᠤᠯᠠᠮᠵᠢᠯᠠᠬᠤ ᠵᠠᠪᠰᠢᠶᠠᠨ | ᠪᠤᠯᠤᠭᠰᠠᠨ ᠶᠤᠮ᠃ | ᠮᠠᠯᠵᠢᠬᠤ ᠠᠮᠢᠳᠤᠷᠠᠯ ᠳᠠᠬᠢ ᠵᠢᠷ ᠤᠨ ᠠᠳᠠᠯ᠎ᠠ ᠪᠠᠨ ᠬᠦᠮᠦᠨ ᠪᠤᠯᠭᠠᠨ ᠬᠢᠵᠦ ᠦᠯᠦ ᠴᠢᠳᠠᠬᠤ ᠭᠠᠷ ᠬᠢᠴᠡ ᠲᠠᠢ | ᠠᠷᠠᠰᠤᠨ ᠡᠳ᠋ᠯᠡᠯ᠂ ᠰᠤᠷ ᠡᠳ᠋ᠯᠡᠯ᠂ ᠢᠰᠡᠬᠡᠢ ᠤᠷᠠᠯᠠᠯ ᠬᠢᠵᠦ ᠪᠦᠳᠦᠬᠡᠬᠦ ᠳᠤ ᠠᠪᠢᠶᠠᠰ ᠴᠢᠳᠠᠪᠤᠷᠢ᠂ ᠬᠢᠴᠢᠶᠡᠯ ᠵᠢᠳᠬᠦᠯ᠂ | ᠲᠤᠷ᠎ᠠ ᠬᠠᠶᠢᠷ᠎ᠠ ᠪᠠᠨ ᠰᠢᠩᠬᠡᠬᠡᠵᠦ᠂ ᠡᠬᠦᠨ ᠢᠶᠠᠷ ᠢᠶᠠᠨ ᠦᠳᠡᠯᠦᠬᠡ ᠨᠠᠰᠤᠨ ᠤ ᠠᠮᠢᠳᠤᠷᠠᠯ ᠤᠨ ᠢᠶᠠᠨ ᠤᠳᠬ᠎ᠠ ᠠᠭᠤᠯᠭ᠎ᠠ | ᠪᠠᠨ ᠪᠤᠯᠭᠠᠵᠦ ᠶᠠᠪᠤᠭᠰᠠᠨ ᠯᠠᠩᠳᠤ ᠨᠠᠰᠤᠳᠠᠨ ᠤ ᠰᠡᠳᠬᠢᠯ ᠳᠤ ᠪᠠᠨ ᠪᠤᠳᠤᠵᠦ ᠰᠠᠨᠠᠵᠦ᠂ ᠠᠮᠢᠳᠤᠷᠠᠯ ᠳᠤ ᠪᠠᠨ ᠬᠢᠵᠦ | ᠪᠦᠳᠦᠬᠡᠵᠦ ᠶᠠᠪᠤᠭᠰᠠᠨ ᠪᠦᠬᠦᠨ ᠨᠢ ᠪᠢᠳᠡᠨ ᠳᠤ ︽ᠠᠮᠢᠳᠤᠷᠠᠯ ᠳᠤ ᠪᠡᠯᠡᠨ ᠶᠠᠭᠤᠮ᠎ᠠ ᠪᠠᠶᠢᠬᠤ ᠦᠬᠡᠢ᠂ ᠴᠦᠮ ᠢ | ᠬᠦᠴᠦᠯᠡᠵᠦ ᠲᠡᠮᠡᠴᠡᠵᠦ ᠪᠠᠶᠢᠵᠦ ᠤᠯᠬᠤ ᠶᠤᠰᠤᠳᠠᠢ᠃ ᠴᠤᠬᠤᠮ ᠡᠬᠦᠨ ᠳᠤ ᠠᠮᠢᠳᠤ ᠶᠠᠪᠤᠬᠤ ᠶᠢᠨ ᠰᠠᠶᠢᠬᠠᠨ᠂ | ᠠᠮᠢᠳᠤᠷᠠᠯ ᠤᠨ ᠰᠠᠶᠢᠬᠠᠨ ᠤᠷᠤᠰᠢᠳᠠᠭ︾ ᠬᠡᠵᠦ ᠬᠡᠯᠡᠭᠰᠡᠨ ᠮᠡᠷᠬᠡᠨ ᠬᠦᠮᠦᠨ ᠤ ᠦᠬᠡ ᠶᠢ ᠦᠨᠡᠨᠬᠦ ᠰᠠᠨᠠᠭᠳᠠᠭᠤᠯᠤᠯᠠ ︕ | ᠠᠷᠠᠰᠤᠨ ᠡᠳ᠋ᠯᠡᠯ᠂ ᠰᠤᠷ ᠡᠳ᠋ᠯᠡᠯ᠂ ᠢᠰᠡᠬᠡᠢ ᠤᠷᠠᠯᠠᠯ ᠪᠤᠯ ᠨᠡᠬᠦᠳᠡᠯᠴᠢᠨ ᠮᠤᠩᠭᠤᠯᠴᠤᠳ ᠤᠨ ᠠᠮᠢᠳᠤᠷᠠᠯ | ᠦᠢᠯᠡᠳᠪᠤᠷᠢᠯᠡᠯ ᠳᠠᠬᠢ ᠤᠷᠠᠯᠠᠬᠤᠢ ᠶᠢᠨ ᠤᠬᠠᠭᠠᠨ᠂ ᠳᠦᠷᠰᠦᠯᠢᠭ ᠤᠷᠠᠯᠢᠭ᠂ ᠪᠡᠯᠬᠡᠳᠡᠯ ᠵᠦᠢ ᠵᠡᠷᠬᠡ ᠤᠯᠠᠨ ᠳᠠᠯ᠎ᠠ ᠶᠢᠨ | ᠰᠤᠶᠤᠯ ᠤᠨ ᠡᠯᠧᠮᠧᠨ᠋ᠲ ᠢ ᠠᠭᠤᠯᠤᠭᠰᠠᠨ ᠦᠨᠡᠳᠦ ᠵᠦᠢᠯ ᠪᠤᠯᠬᠤ ᠶᠤᠮ᠃ ᠪᠢᠳᠡ ᠦᠨᠳᠦᠰᠦᠳᠡᠨ ᠤ ᠪᠠᠨ ᠰᠤᠶᠤᠯ ᠤᠨ | ᠠᠴᠢᠶ᠎ᠠ ᠶᠢ ᠳᠡᠬᠡᠬᠡᠵᠦ᠂ ᠤᠤᠭᠠᠯ ᠰᠤᠶᠤᠯ ᠢᠶᠠᠨ ᠦᠪᠯᠡᠵᠦ ᠶᠠᠪᠤᠭ᠎ᠠ ᠠᠬᠠᠮᠠᠳ ᠨᠢᠬᠡ ᠦᠶ᠎ᠡ ᠶᠢᠨ ᠬᠦᠮᠦᠰ ᠢᠶᠠᠨ | ᠬᠦᠨᠳᠦᠳᠬᠡᠨ ᠬᠠᠶᠢᠷᠠᠯᠠᠵᠦ᠂ ᠳᠡᠳᠡᠨ ᠠᠴᠠ ᠲᠠᠭᠠᠨ ᠰᠤᠷᠤᠯᠴᠠᠬᠤ ᠶᠢᠨ ᠳᠠᠭᠠᠤ ᠬᠢᠵᠦ ᠪᠦᠳᠦᠬᠡᠭᠰᠡᠨ ᠢ ᠨᠢ ᠤᠷᠮ᠎ᠠ ᠪᠠᠷ | ᠳᠡᠳᠬᠦᠵᠦ᠂ ᠤᠯᠠᠮᠵᠢᠯᠠᠯᠳᠤ ᠰᠤᠶᠤᠯ ᠤᠨ ᠢᠶᠠᠨ ᠡᠴᠢᠨ᠎ᠡ ᠭᠠᠶᠢᠬᠠᠮᠰᠢᠭ ᠢ ᠤᠯᠠᠮ ᠴᠢᠨᠠᠭᠰᠢᠳᠠ ᠤᠯᠠᠮᠵᠢᠯᠠᠨ ᠬᠦᠭᠵᠢᠬᠦᠯᠬᠦ | ᠴᠢᠬᠤᠯᠠᠳᠠᠢ︕ | |