ᠵᠢᠯ ᠤᠨ ᠡᠴᠦᠰ ᠪᠤᠯᠴᠢᠬᠠᠯ᠎ᠠ᠃ ᠭᠦᠪᠡᠭᠡᠳᠥ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠤ ︽ᠬᠠᠢ ᠵᠢᠶᠦ᠋ᠨ | ᠪᠣᠭᠤᠷᠰᠤᠭ ᠬᠢᠬᠦ ᠭᠠᠵᠠᠷ︾ ᠤᠨ ᠪᠣᠭᠤᠷᠰᠤᠭ ᠬᠢᠬᠦ ᠠᠵᠢᠯᠴᠢᠳ ᠴᠣᠯ ᠪᠠᠶᠢᠭᠠᠯᠢᠯᠢᠭ ᠰᠢᠷ᠎ᠠ ᠲᠣᠰᠣ᠂ ᠵᠦᠭᠡᠭᠡᠢ᠂ ᠰᠢᠷ᠎ᠠ | ᠤᠰᠤ ᠪᠠᠷ ᠭᠤᠯᠢᠷ ᠵᠢᠭᠤᠷᠠᠵᠤ ᠰᠠᠷᠠᠨ ᠪᠤᠭᠤᠷᠰᠤᠭ᠂ ᠰᠠᠯᠪᠢᠡᠭ ᠪᠣᠭᠤᠷᠰᠤᠭ ᠵᠡᠷᠭᠡ ᠤᠯᠠᠨ ᠲᠦᠷᠦᠯ ᠤᠨ ᠪᠤᠭᠤᠷᠰᠤᠭ | ᠬᠢᠵᠤ ᠶᠠᠭᠠᠷᠠᠯᠳᠤᠨ᠂ ᠰᠠᠶ᠋ᠢᠬᠠᠨ ᠪᠤᠯᠭᠤᠭᠰᠠᠨ ᠪᠣᠭᠤᠷᠰᠤᠭ ᠠᠴᠠ ᠰᠢᠷ᠎ᠠ ᠲᠣᠰᠣᠨ ᠤ ᠠᠩᠬᠢᠯᠤᠮ᠎ᠠ ᠦᠨᠦᠷ ᠬᠠᠨᠭ᠍ᠬᠤᠯᠵᠤ | ᠪᠠᠶᠢᠯ᠎ᠠ᠃ | ᠸᠠᠩ ᠬᠠᠢ ᠵᠢᠶᠦ᠋ᠨ 2015 ᠣᠨ ᠠᠴᠠ ᠡᠬᠢᠯᠡᠨ᠂ ᠬᠥᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤᠨ ᠳᠤ | ︽ᠬᠠᠢ ᠵᠢᠶᠦ᠋ᠨ ᠪᠣᠭᠤᠷᠰᠤᠭ ᠬᠢᠭᠦ ᠭᠠᠵᠠᠷ︾ ᠢᠶᠠᠨ ᠡᠵᠡᠩᠨᠡᠪᠡ᠃ ᠲᠡᠳᠡ ᠶᠡᠷᠦ ᠳᠡᠭᠡᠨ ᠥᠷᠯᠥᠭᠡ ᠶᠢᠨ 8 ᠴᠠᠭ ᠲᠤ | ᠠᠵᠢᠯ ᠢᠶᠠᠨ ᠡᠬᠢᠯᠡᠭᠦᠯᠵᠦ᠂ ᠣᠷᠣᠶ ᠶᠢᠨ 5 ᠴᠠᠭ ᠪᠣᠯᠲᠠᠯ᠎ᠠ ᠶᠠᠭᠠᠷᠠᠳᠠᠭ᠃ ᠴᠠᠭᠠᠨ ᠰᠠᠷ᠎ᠠ ᠠᠴᠠ ᠡᠮᠦᠨᠡᠬᠢ ᠨᠢᠭᠡ ᠰᠠᠷ᠎ᠠ ᠶᠢᠨ | ᠬᠤᠭᠤᠴᠠᠭᠠᠠ ᠳᠤ ᠲᠡᠳᠡᠨ ᠤ ᠠᠵᠢᠯ ᠨᠢ ᠨᠡᠩ ᠶᠠᠭᠠᠷᠠᠯᠲᠠᠶ ᠪᠣᠯᠵᠤ᠂ ᠥᠷᠯᠥᠭᠡ ᠶᠢᠨ 5 ᠴᠠᠭ ᠠᠴᠠ ᠠᠵᠢᠯ ᠢᠶᠠᠨ | ᠡᠬᠢᠯᠡᠭᠦᠯᠵᠦ ᠰᠦᠨᠢ ᠳᠦᠯᠢ ᠪᠣᠯᠲᠠᠯ᠎ᠠ ᠠᠵᠢᠯᠯᠠᠳᠠᠭ᠃ | ᠸᠠᠩ ᠬᠠᠢ ᠵᠢᠶᠦ᠋ᠨ᠄ ︽ᠡᠨᠡ ᠠᠵᠢᠯ ᠢ ᠬᠢᠭᠡᠳ ᠨᠢᠭᠡᠨᠲᠡ 8 ᠵᠢᠯ ᠪᠤᠯᠵᠤ ᠪᠠᠶᠢᠨ᠎ᠠ︔ ᠮᠢᠨᠥ ᠠᠳᠡ ᠢᠷᠡᠵᠥ ᠪᠣᠭᠤᠷᠰᠤᠭ | ᠬᠢᠯᠭᠡᠳᠡᠭ ᠭᠥᠮᠥᠰ ᠤᠨ ᠤᠯᠠᠩᠬᠢ ᠨᠢ ᠮᠠᠯᠴᠢᠤᠠ᠂ ᠴᠠᠭᠠᠨ ᠢᠳᠡᠭᠡᠨ ᠤ ᠳᠡᠯᠭᠡᠭᠦᠷ ᠡᠵᠡᠩᠨᠡᠭᠴᠢ ᠪᠠ ᠬᠤᠲᠠ ᠪᠠᠯᠭᠠᠰᠤᠨ ᠤ | ᠰᠠᠭᠤᠭᠠᠯᠢ ᠠᠷᠠᠳ ᠶᠤᠮ︔ ᠡᠳᠥᠷ ᠲᠤ 150 ᠭᠠᠷᠤᠢ ᠵᠢᠩ ᠪᠣᠭᠤᠷᠰᠤᠭ ᠬᠢᠳᠡᠭ︾ ᠭᠡᠵᠥ ᠶᠠᠷᠢᠯ᠎ᠠ᠃ | ᠰᠢᠷ᠎ᠠ ᠲᠤᠰᠤᠠ ᠤ ᠪᠣᠭᠤᠷᠰᠤᠭ ᠨᠢ ᠣᠳᠣ ᠶᠢᠨ ᠬᠥᠮᠦᠰ ᠤᠨ ᠬᠤᠭᠤᠯᠠᠨ ᠰᠢᠷᠡᠭᠡᠨ ᠳᠡᠭᠡᠷ᠎ᠡ ᠳᠤᠲᠠᠭᠳᠠᠵᠤ ᠪᠣᠯᠤᠰᠢ | ᠦᠭᠡᠢ ᠠᠮᠲᠠᠲᠤ ᠢᠳᠡᠭᠡᠨ ᠪᠤᠯᠵᠠᠢ᠃ | ︽ᠭᠠᠳᠠᠨ᠎ᠠ ᠣᠷᠣᠨ ᠳᠤ ᠠᠵᠢᠯᠯᠠᠳᠠᠭ ᠬᠡᠤᠬᠡᠳ ᠤᠳ ᠮᠢᠨᠢ ᠰᠢᠷ᠎ᠠ ᠲᠤᠰᠤᠨ ᠤ ᠪᠣᠭᠤᠷᠰᠤᠭ ᠢᠳᠡᠬᠦ ᠳᠤᠷᠠᠲᠠᠢ | ᠪᠠᠶᠢᠳᠠᠭ ᠠᠴᠠ ᠪᠢ ᠬᠡᠰᠡᠭ ᠬᠤᠭᠤᠴᠠᠭ᠎ᠠ ᠪᠤᠯᠬᠤ ᠪᠦᠷᠢ ᠠᠳᠡ ᠢᠷᠡᠵᠦ ᠪᠣᠭᠤᠷᠰᠤᠭ ᠬᠢᠯᠭᠡᠳᠡᠭ︔ ᠡᠨᠡ ᠪᠣᠭᠤᠷᠰᠤᠭ ᠬᠢᠭᠦ | ᠭᠠᠵᠠᠷ ᠤᠨ ᠬᠢᠭᠰᠡᠨ ᠪᠣᠭᠤᠷᠰᠤᠭ ᠨᠢ ᠴᠡᠪᠡᠷᠭᠡᠡ ᠮᠥᠷᠲᠡᠭᠡᠨ ᠠᠮᠲᠠᠲᠠᠢ ᠪᠠᠶᠢᠳᠠᠭ︾ ᠭᠡᠵᠦ ᠪᠤᠭᠤᠷᠰᠤᠭ ᠬᠢᠯᠭᠡᠵᠤ ᠪᠠᠶᠢᠭᠰᠠᠨ | ᠰᠢᠨᠡᠪᠤᠯᠠᠭ ᠪᠠᠯᠭᠠᠰᠤᠨ ᠤ ᠰᠠᠭᠤᠭᠠᠯᠢ ᠠᠷᠠᠤᠠ ᠭᠡᠷᠡᠯ᠎ᠡ ᠰᠤᠷᠪᠤᠯᠵᠢᠯᠬᠠᠴᠢ ᠳᠤ ᠶᠠᠷᠢᠯ᠎ᠠ᠃ | ᠬᠦᠪᠡᠭᠡᠲᠦ ᠰᠢᠷ᠎ᠠ ᠬᠤᠰᠢᠭᠤᠨ ᠤ ᠴᠠᠭᠠᠨ ᠢᠳᠡᠭᠡᠨ ᠤ ᠦᠢᠯᠡᠰ ᠦᠷᠨᠢᠨ ᠬᠦᠭᠵᠢᠬᠦ ᠶᠢ ᠳᠠᠭᠠᠯᠳᠤᠨ᠂ ᠴᠠᠭᠠᠨ | ᠢᠳᠡᠭᠡᠨ ᠤ ᠪᠤᠭᠤᠷᠰᠤᠭ᠂ ᠰᠢᠬᠢᠷ᠂ ᠤᠮᠳᠠᠭᠠᠨ ᠵᠡᠷᠭᠡ ᠳᠠᠭᠠᠯᠲᠠ ᠪᠦᠲᠦᠭᠡᠭᠳᠡᠬᠦᠨ ᠴᠤ ᠵᠠᠬ᠎ᠠ ᠳᠡᠯᠭᠡᠬᠦᠷ ᠲᠤ ᠤᠷᠤᠨ ᠵᠠᠢ | ᠪᠠᠨ ᠡᠵᠡᠯᠡᠨ᠂ ᠬᠤᠯᠠ ᠤᠶᠢᠷ᠎ᠠ ᠳᠤ ᠪᠤᠷᠤᠯᠠᠭᠤᠯᠤᠭᠳᠠᠨ᠂ ᠴᠠᠭᠠᠨ ᠢᠳᠡᠭᠡᠨ ᠤ ᠠᠵᠤ ᠦᠢᠯᠡᠰ ᠤᠨ ᠬᠡᠯᠬᠢᠶᠡᠵᠢᠯ ᠢ | ᠠᠮᠵᠢᠯᠲᠠ ᠲᠠᠢ ᠪᠦᠷᠢᠯᠳᠦᠬᠦᠯᠤᠨ ᠬᠦᠭᠵᠢᠬᠦᠯᠵᠤ ᠪᠠᠶᠢᠨ᠎ᠠ᠃ | |