锡林郭勒盟365娱乐场奖金_365速发国际welcome_365游戏厅网页登录 365娱乐场奖金_365速发国际welcome_365游戏厅网页登录

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠨᠢᠭᠲᠠ ᠣᠶᠢᠷᠠᠲᠤᠭᠰᠠᠳ ᠲᠠᠢ ᠨᠢᠭᠲᠠ ᠣᠶᠢᠷᠠᠲᠤᠭᠰᠠᠨ ᠬᠦᠮᠦᠰ ᠢ ᠪᠠᠴᠢᠮ ᠡᠷᠢᠬᠦ ᠲᠤᠬᠠᠢ ᠠᠯᠪᠠᠨ ᠵᠠᠷᠯᠠᠯ
        ᠨᠡᠶᠢᠲᠡᠯᠡᠭᠰᠡᠨ ᠴᠠᠭ᠄
        2021/11/1
                  ᠨᠢᠭᠲᠠ ᠣᠶᠢᠷᠠᠲᠤᠭᠰᠠᠳ ᠲᠠᠢ ᠨᠢᠭᠲᠠ ᠣᠶᠢᠷᠠᠲᠤᠭᠰᠠᠨ ᠬᠦᠮᠦᠰ ᠢ ᠪᠠᠴᠢᠮ ᠡᠷᠢᠬᠦ ᠲᠤᠬᠠᠢ                                    ᠠᠯᠪᠠᠨ ᠵᠠᠷᠯᠠᠯ        2021 ᠣᠨ ᠤ 10 ᠰᠠᠷ᠎ᠠ ᠶᠢᠨ 26 ᠤ ᠡᠳᠦᠷ᠂ ᠬᠤᠰᠢᠭᠤ ᠵᠢᠯᠤᠭᠤᠳᠬᠤ ᠬᠡᠯᠲᠡᠰ ᠪᠠᠴᠢᠮ ᠮᠡᠳᠡᠭᠡ ᠲᠤᠰᠴᠤ᠂ 10 ᠰᠠᠷ᠎ᠠ ᠶᠢᠨ 18 ᠤ ᠡᠳᠦᠷ G2260 ᠡᠭᠡᠯᠵᠢ ᠶᠢᠨ ᠭᠠᠯᠲᠤ ᠲᠡᠷᠭᠡᠨ ᠳᠤ ᠱᠠᠨᠳᠦ᠋ᠩ ᠮᠤᠵᠢ ᠶᠢᠨ ᠤᠨᠤᠰᠢᠯᠠᠭᠳᠠᠭᠰᠠᠨ ᠡᠪᠡᠳᠴᠢᠨ ᠤ ᠵᠢᠱᠢᠶ᠎ᠡ ᠪᠤᠯᠬᠤ ᠵᠤᠤ ᠤᠪᠤᠭᠲᠤ ᠲᠠᠢ ᠢᠵᠢᠯ ᠨᠢᠭᠡᠨ ᠸᠠᠭᠤᠨ ᠳᠤ ᠰᠠᠭᠤᠵᠤ ᠨᠢᠭᠲᠠ ᠣᠶᠢᠷᠠᠳᠤᠭᠰᠠᠳ ᠪᠣᠯᠬᠤ ᠶᠤᠤ ᠤᠪᠤᠭᠲᠤ ᠨᠢ ᠡᠳᠦᠭᠡ ᠮᠠᠨ ᠤ ᠬᠤᠰᠢᠭᠤᠨ ᠳᠤ ᠪᠠᠶᠢᠵᠤ᠂ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠠᠪᠬᠤ ᠴᠢᠬᠤᠯᠠᠲᠠᠢ ᠪᠠᠶᠢᠨ᠎ᠠ᠃ ᠬᠤᠰᠢᠭᠤ ᠵᠢᠯᠤᠭᠤᠳᠬᠤ ᠬᠡᠯᠲᠡᠰ ᠲᠠᠷᠤᠶᠢᠬᠠᠨ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠠᠪᠴᠤ᠂ 1 ᠴᠠᠭ ᠤᠨ ᠲᠤᠳᠤᠷ᠎ᠠ ᠶᠤᠤ ᠤᠪᠤᠭᠲᠤ ᠶᠢ ᠲᠥᠪᠯᠡᠷᠡᠬᠦᠯᠦᠨ ᠲᠤᠰᠭᠠᠷᠯᠠᠵᠤ᠂ ᠬᠤᠯᠪᠤᠭᠲᠠᠯ ᠪᠦᠬᠦᠢ ᠣᠷᠤᠨ ᠲᠠᠯᠠᠪᠤᠷ ᠢ ᠪᠢᠳᠡᠬᠦᠮᠵᠢᠯᠡᠬᠦ ᠶᠢᠨ ᠬᠠᠮᠲᠤ ᠶᠤᠤ ᠤᠪᠤᠭᠲᠤ ᠳᠤ ᠪᠦᠭᠡᠮ ᠬᠦᠴᠢᠯ ᠤᠨ ᠪᠠᠶᠢᠴᠠᠭᠠᠯᠲᠠ ᠬᠢᠵᠤ᠂ ᠪᠠᠶᠢᠴᠠᠭᠠᠯᠲᠠ ᠶᠢᠨ ᠳ᠋ᠦᠩ ᠨᠢ ᠴᠥᠮ ᠪᠢᠯᠭ ᠴᠢᠨᠠᠷᠲᠠᠢ ︵ᠶᠤᠤ ᠤᠪᠤᠭᠲᠤ 10 ᠰᠠᠷ᠎ᠠ ᠶᠢᠨ 20 ᠤ ᠡᠳᠦᠷ ᠲᠧᠩ ᠵᠸᠦ ᠶᠢᠨ ᠲᠥᠪ ᠡᠮᠨᠡᠯᠭᠡ ᠶᠢᠨ ᠬᠤᠷᠢᠶᠠᠨ ᠳᠤ ᠠᠩᠬᠠᠳᠤᠭᠠᠷ ᠤᠳᠠᠭ᠎ᠠ ᠶᠢᠨ ᠪᠦᠭᠡᠮ ᠬᠦᠴᠢᠯ ᠤᠨ ᠪᠠᠶᠢᠴᠠᠭᠠᠯᠲᠠ ᠬᠢᠪᠡ᠂ ᠪᠠᠶᠢᠴᠠᠭᠠᠯᠲᠠ ᠶᠢᠨ ᠳ᠋ᠦᠩ ᠨᠢ ᠪᠢᠯᠭ ᠴᠢᠨᠠᠷᠲᠠᠢ︔ 10 ᠰᠠᠷ᠎ᠠ ᠶᠢᠨ 23 ᠤ ᠡᠳᠦᠷ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠡᠮᠨᠡᠯᠭᠡ ᠶᠢᠨ ᠬᠤᠷᠢᠶᠠᠨ ᠳᠤ ᠬᠤᠶᠠᠳᠡᠬᠢ ᠤᠳᠠᠭ᠎ᠠ  ᠶᠢᠨ ᠪᠦᠭᠡᠮ ᠬᠦᠴᠢᠯ ᠤᠨ ᠪᠠᠶᠢᠴᠠᠭᠠᠯᠲᠠ ᠬᠢᠪᠡ᠂ ᠪᠠᠶᠢᠴᠠᠭᠠᠯᠲᠠ ᠶᠢᠨ ᠳ᠋ᠦᠩ ᠨᠢ ᠪᠢᠯᠭ ᠴᠢᠨᠠᠷᠲᠠᠢ︶᠃ ᠤᠳᠤᠬᠠᠨ  ᠳᠤ ᠶᠤᠤ ᠤᠪᠤᠭᠲᠤ ᠪᠠ ᠲᠠᠮ ᠨᠢᠭᠲᠠ ᠣᠶᠢᠷᠠᠳᠤᠭᠰᠠᠳ ᠢ ᠴᠥᠮ ᠨᠢᠭᠡᠳᠦᠯᠲᠠᠢ ᠲᠥᠪᠯᠡᠷᠡᠬᠦᠯᠦᠨ   ᠲᠤᠰᠠᠭᠠᠷᠯᠠᠪᠠ᠃ ᠲᠣᠣᠷ᠎ᠠ ᠶᠤᠤ ᠤᠪᠤᠭᠲᠤ ᠵᠡᠷᠭᠡ ᠬᠦᠮᠦᠰ ᠤᠨ ᠬᠠᠮᠢᠶ᠎ᠠ ᠪᠦᠬᠦᠢ ᠰᠤᠷᠠᠭ ᠵᠠᠩᠬᠢ ᠵᠢᠴᠢ ᠠᠶᠠᠯᠠᠯ ᠤᠨ ᠵᠠᠮ ᠮᠦᠷ ᠢ ᠨᠡᠶᠢᠲᠡᠯᠡᠵᠦ᠂ ᠬᠠᠮᠢᠶ᠎ᠠ ᠪᠦᠬᠦᠢ ᠵᠦᠢᠯᠡᠰ ᠢ ᠵᠠᠷᠯᠠᠶ᠎ᠠ᠄        ᠨᠢᠭᠡ᠂ ᠶᠤᠤ ᠣᠪᠣᠭᠲᠣ ᠶᠢᠨ ᠠᠶᠠᠯᠠᠯ ᠤᠨ ᠵᠠᠮ ᠮᠦᠷ        10 ᠰᠠᠷ᠎ᠠ ᠶᠢᠨ 22 ᠤ ᠡᠳᠦᠷ ᠤᠨ 16᠄ 08 ᠲᠤ᠂ K1383 ᠡᠬᠡᠯᠵᠢ ᠶᠢᠨ ᠭᠠᠯᠲᠤ ᠲᠡᠷᠭᠡ ︵02 ᠸᠠᠭᠤᠨ ᠤ 16 ᠳ᠋ᠤᠭᠠᠷ ᠰᠠᠭᠤᠳᠠᠯ︶ ᠪᠠᠷ ᠵᠢᠨᠢᠩ ᠤᠨ ᠡᠮᠦᠨ᠎ᠡ ᠥᠷᠲᠡᠭᠡᠨ ᠠᠴᠠ ᠬᠤᠸᠠᠳᠧ ᠰᠢᠶᠠᠨ ᠳᠤ ᠢᠷᠡᠵᠦ᠂ 17᠄ 59 ᠳᠤ ᠬᠤᠸᠠᠳᠧ ᠰᠢᠶᠠᠨ ᠤ ᠶᠢ ᠵᠢᠶᠠ ᠪᠠᠭᠤᠳᠠᠯ ᠤᠨ 202 ᠳ᠋ᠤᠭᠠᠷ ᠥᠷᠦᠭᠡᠨ ᠳᠤ ᠰᠠᠭᠤᠵᠤ ᠂ ᠪᠠᠭᠤᠳᠠᠯ ᠤᠨ ᠣᠶᠢᠷᠠᠯᠴᠠᠭᠠᠬᠢ ᠬᠤᠭᠤᠯᠠᠨ ᠭᠡᠷ ︵ᠬᠤᠭᠤᠯᠠᠨ ᠭᠡᠷ ᠤᠨ ᠨᠡᠷ᠎ᠡ ᠲᠤᠳᠤᠷᠬᠠᠢ ᠦᠭᠡᠢ︶ ᠲᠤ ᠬᠤᠭᠤᠯᠠ ᠢᠳᠡᠵᠦ᠂ ᠬᠤᠭᠤᠯᠠᠨ ᠤ ᠲᠠᠷᠠᠭ᠎ᠠ ᠲᠠᠬᠢᠵᠤ ᠭᠠᠳᠠᠭᠰᠢ ᠭᠠᠷᠤᠭᠰᠠᠨ ᠦᠬᠡᠢ᠃        10 ᠰᠠᠷ᠎ᠠ ᠶᠢᠨ 23 ᠤ ᠡᠳᠦᠷ ᠤᠨ 9᠄ 20 ᠲᠤ᠂ ᠲᠦᠷᠢᠶᠡᠰᠦᠨ ᠮᠠᠰᠢᠨ ᠲᠡᠷᠭᠡᠨ ︵ᠵᠢᠯᠤᠭᠤᠴᠢ ᠶᠢ ᠨᠢᠭᠡᠨᠲᠡ ᠡᠷᠢᠵᠦ ᠣᠯᠪᠠ︶ ᠳᠤ ᠰᠠᠭᠤᠵᠤ ᠮᠠᠨ ᠤ ᠬᠤᠰᠢᠭᠤᠨ ᠳᠤ ᠢᠷᠡᠵᠦ᠂ ᠬᠤᠰᠢᠭᠤ ᠠᠷᠠᠳ ᠤᠨ ᠡᠮᠨᠡᠯᠭᠡ ᠶᠢᠨ ᠬᠤᠷᠢᠶᠠᠨ ᠳᠤ ᠬᠦᠷᠴᠦ ᠪᠦᠭᠡᠮ ᠬᠦᠴᠢᠯ ᠤᠨ ᠪᠠᠶᠢᠴᠠᠭᠠᠯᠲᠠ ᠬᠢᠯᠭᠡᠵᠦ᠂ 9᠄ 33 ᠳᠤ ᠵᠢᠶᠠ ᠯᠢᠶᠠᠨ ᠪᠠᠭᠤᠳᠠᠯ  ᠤᠨ 406 ᠳ᠋ᠤᠭᠠᠷ ᠥᠷᠦᠭᠡᠨ ᠳᠤ ᠰᠠᠭᠤᠪᠠ᠃ 12᠄ 00 ᠲᠤ ᠮᠠᠨᠳᠠ ᠪᠠᠭᠤᠳᠠᠯ ᠤᠨ ᠡᠰᠡᠷᠬᠦ ᠲᠠᠯ᠎ᠠ ᠶᠢᠨ ︽ᠪᠡᠯᠭᠡᠲᠤ ᠭᠤᠸ᠎ᠠ︾ ᠮᠤᠩᠭᠤᠯ ᠬᠤᠭᠤᠯᠠᠨ ᠭᠡᠷ ᠲᠤ ᠬᠤᠭᠤᠯᠠ ᠢᠳᠡᠵᠦ᠂ ᠬᠤᠭᠤᠯᠠᠨ ᠤ ᠲᠠᠷᠠᠭ᠎ᠠ ᠵᠢᠶᠠ ᠯᠢᠶᠠᠨ ᠪᠠᠭᠤᠳᠠᠯ ᠳᠤ ᠠᠯᠬᠤᠵᠤ ᠬᠠᠷᠢᠪᠠ᠃ 17᠄ 30 ᠲᠤ ᠯᠠᠨᠵᠸᠦ ᠶᠢᠨ ᠬᠤᠭᠤᠯᠠᠨ ᠭᠡᠷ ︵ᠮᠢ ᠰᠢᠦᠸᠠᠢ ᠪᠢᠩ ᠴᠧᠩ  ᠤᠨ ᠡᠰᠡᠷᠭᠦ ᠲᠠᠯ᠎ᠠ︶ ᠲᠤ ᠬᠤᠭᠤᠯᠠ ᠢᠳᠡᠵᠦ᠂ ᠬᠤᠭᠤᠯᠠᠨ ᠤ ᠲᠠᠷᠠᠭ᠎ᠠ ᠵᠢᠶᠠ ᠯᠢᠶᠠᠨ ᠪᠠᠭᠤᠳᠠᠯ ᠳᠤ ᠠᠯᠬᠤᠵᠤ ᠬᠠᠷᠢᠪᠠ᠃        10 ᠰᠠᠷ᠎ᠠ ᠶᠢᠨ 24 ᠤ ᠡᠳᠦᠷ ᠤᠨ 8᠄ 00 ᠲᠤ᠂ ᠬᠠᠩᠵᠸᠤ ᠶᠢᠨ ᠵᠢᠵᠢᠭ ᠪᠤᠤᠰᠡ ᠶᠢᠨ ᠬᠤᠭᠤᠯᠠᠨ ᠭᠡᠷ ᠲᠤ ᠦᠷᠯᠦᠬᠡ ᠶᠢᠨ ᠬᠤᠭᠤᠯᠡ ᠢᠳᠡᠵᠦ᠂ ᠬᠤᠭᠤᠯᠡᠨ ᠤ ᠳᠠᠷᠠᠭ᠎ᠠ ᠬᠦᠪᠡᠭᠡᠳᠦ ᠰᠢᠷ᠎ᠡ ᠬᠤᠰᠢᠭᠤᠨ ᠤ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠠᠵᠢᠯᠯᠠᠵᠦ᠂ ᠦᠳᠡ ᠳᠤ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠬᠤᠭᠤᠯᠠ ᠢᠳᠡᠵᠦ᠂ 14᠄ 00 ᠲᠤ ᠵᠢᠶᠠ ᠯᠢᠶᠠᠨ ᠪᠠᠭᠤᠳᠠᠯ ᠤᠨ ᠪᠠᠷᠠᠭᠤᠨᠳᠡᠬᠢ ᠪᠤᠯᠠᠭ ᠬᠦᠷᠢᠶᠡᠯᠡᠩ ᠤᠨ ᠬᠤᠯᠢᠰᠢᠨ ᠢᠳᠡᠭᠡᠨ ᠤ ᠳᠡᠯᠬᠡᠬᠦᠷ ᠠᠴᠠ ᠤᠰᠤ ᠬᠤᠳᠠᠯᠳᠤᠨ ᠠᠪᠴᠦ᠂ 20  ᠄ 00 ᠲᠤ ᠵᠢᠶᠠ ᠯᠢᠶᠠᠨ ᠪᠠᠭᠤᠳᠠᠯ ᠤᠨ ᠡᠰᠡᠷᠭᠦ ᠳᠡᠯ᠎ᠡ ᠳᠤ ᠬᠢ ︽ᠢᠤᠢ ᠰᠢᠶᠠᠩ ᠭᠧ︾ ᠬᠠᠯᠠᠭᠤᠨ ᠲᠤᠭᠤᠭᠠᠨ ᠤ ᠬᠤᠭᠤᠯᠠᠨ ᠭᠡᠷ  ᠲᠤ ᠬᠤᠭᠤᠯᠡ ᠢᠳᠡᠵᠦ᠂ ᠬᠤᠭᠤᠯᠠᠨ ᠤ ᠳᠠᠷᠠᠭ᠎ᠠ ᠵᠢᠶᠠ ᠯᠢᠶᠠᠨ ᠪᠠᠭᠤᠳᠠᠯ ᠤᠨ ᠵᠡᠬᠦᠨ ᠳᠠᠯ᠎ᠠ ᠳᠤ ᠬᠢ ︽ᠲᠠᠩ ᠬᠦᠸᠧ︾ KTV ᠳᠤ ᠳᠠᠭᠤᠤ ᠳᠠᠭᠤᠯᠠᠵᠦ᠂ ᠪᠠᠷᠤᠭ 1 ᠴᠠᠭ ᠤᠨ ᠳᠠᠷᠠᠭ᠎ᠠ ᠵᠢᠶᠠ ᠯᠢᠶᠠᠨ ᠪᠠᠭᠤᠳᠠᠯ ᠳᠤ ᠠᠯᠬᠤᠨ ᠬᠠᠷᠢᠪᠠ᠃        10 ᠰᠠᠷ᠎ᠠ ᠶᠢᠨ 25 ᠤ ᠡᠳᠦᠷ ᠤᠨ 8᠄ 00 ᠲᠤ᠂ ᠬᠠᠩᠵᠸᠤ ᠶᠢᠨ ᠵᠢᠵᠢᠭ ᠪᠤᠤᠰᠡ ᠶᠢᠨ ᠬᠤᠭᠤᠯᠠᠨ ᠭᠡᠷ ᠲᠤ ᠦᠷᠯᠦᠬᠡ ᠶᠢᠨ ᠬᠤᠭᠤᠯᠡ ᠢᠳᠡᠵᠦ᠂ ᠬᠤᠭᠤᠯᠡᠨ ᠤ ᠳᠠᠷᠠᠭ᠎ᠠ ᠬᠦᠪᠡᠭᠡᠳᠦ ᠰᠢᠷ᠎ᠡ ᠬᠤᠰᠢᠭᠤᠨ ᠤ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠠᠵᠢᠯᠯᠠᠵᠦ᠂ ᠦᠳᠡ ᠳᠤ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠬᠤᠭᠤᠯᠠ ᠢᠳᠡᠵᠦ᠂ ᠦᠳᠡ ᠶᠢᠨ ᠬᠤᠶᠢᠨ᠎ᠠ ᠬᠤᠰᠢᠭᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠢᠩᠬᠢᠮ ᠤᠨ ᠡᠰᠡᠷᠬᠦ ᠲᠠᠯ᠎ᠠ   ᠳᠤ ᠬᠢ ᠬᠠᠳᠠᠭᠠᠭᠰᠠᠨ ᠦᠭᠡᠷ ᠤᠨ ᠪᠤᠷᠴᠠ ᠶᠢᠨ ᠲᠡᠯᠭᠡᠬᠦᠷ ᠠᠴᠠ ᠬᠠᠳᠠᠭᠠᠭᠰᠠᠨ ᠦᠬᠡᠷ ᠤᠨ ᠮᠢᠬ᠎ᠠ ᠬᠤᠳᠠᠯᠳᠤᠨ ᠠᠪᠴᠤ᠂ 20᠄ 00 ᠤᠨ ᠪᠠᠷᠤᠭ ᠢᠶᠠᠷ ︽ᠨᠠ ᠰᠢᠶᠧ ᠨᠢᠶᠠᠨ︾ ᠱᠤᠷᠤᠯᠠᠭ ᠤᠨ ᠭᠠᠵᠠᠷ ᠲᠤ ᠬᠤᠭᠤᠯᠠ ᠢᠳᠡᠵᠦ᠂ 21᠄ 30 ᠲᠤ ᠵᠢᠶᠠ ᠯᠢᠶᠠᠨ ᠪᠠᠭᠤᠳᠠᠯ ᠳᠤ ᠠᠯᠬᠤᠵᠤ ᠬᠠᠷᠢᠪᠠ        10 ᠰᠠᠷ᠎ᠠ 26 ᠤ ᠡᠳᠦᠷ ᠤᠨ 8᠄ 00 ᠲᠤ᠂ ᠬᠠᠩᠵᠸᠤ ᠶᠢᠨ ᠵᠢᠵᠢᠭ ᠪᠤᠤᠰᠡ ᠶᠢᠨ ᠬᠤᠭᠤᠯᠠᠨ ᠭᠡᠷ  ᠲᠤ ᠦᠷᠯᠦᠬᠡ ᠶᠢᠨ ᠬᠤᠭᠤᠯᠡ ᠢᠳᠡᠵᠦ᠂ ᠬᠤᠭᠤᠯᠡᠨ ᠤ ᠳᠠᠷᠠᠭ᠎ᠠ ᠲᠦᠷᠢᠶᠡᠰᠦᠨ ᠮᠠᠰᠢᠨ ᠢᠶᠠᠷ  ᠬᠦᠪᠡᠭᠡᠲᠦ ᠰᠢᠷ᠎ᠠ ᠬᠤᠰᠢᠭᠤᠨ ᠤ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠬᠦᠷᠴᠦ᠂ 12᠄ 00 ᠲᠤ ᠬᠤᠭᠤᠯᠠᠨ ᠤ ᠲᠠᠷᠠᠭ᠎ᠠ ᠰᠤᠯᠠ ᠠᠯᠬᠤᠵᠤ᠂ 12᠄ 30 ᠤᠨ ᠪᠠᠷᠤᠭ ᠢᠶᠠᠷ ᠰᠢ ᠠᠨ ᠬᠤᠲᠠ ᠶᠢᠨ ᠬᠠᠩ ᠲᠢᠶᠠᠨ ᠴᠧᠩ ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠥᠪ ᠤᠨ ᠤᠳᠠᠰᠤ ᠶᠢ ᠲᠤᠰᠤᠭᠰᠠᠨ ᠤ ᠲᠠᠷᠠᠭ᠎ᠠ᠂ ᠱᠧᠩ ᠨᠧᠩ ᠢᠯᠴᠢ ᠴᠠᠬᠢᠯᠭᠠᠨ ᠤ ᠦᠢᠯᠡᠳᠪᠦᠷᠢ ᠳᠤ ᠮᠡᠳᠡᠭᠳᠡᠨ᠂ ᠨᠢᠭᠡᠳᠦᠯᠲᠡᠢ ᠲᠥᠪᠯᠡᠷᠡᠬᠦᠯᠦᠨ  ᠲᠤᠰᠠᠭᠠᠷᠯᠠᠬᠤ ᠲᠥᠪ ᠲᠤ ᠬᠦᠷᠭᠡᠭᠳᠡᠨ ᠲᠤᠰᠠᠭᠠᠷᠯᠠᠭᠳᠠᠪᠠ᠃       ᠬᠤᠶᠠᠷ᠂ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ       ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠶᠢ ᠦᠨᠳᠦᠰᠦᠯᠡᠵᠦ᠂ ᠮᠠᠨ ᠤ ᠬᠤᠰᠢᠭᠤᠨ ᠤ ᠦᠷᠭᠡᠨ ᠣᠯᠠᠨ ᠲᠥᠮᠡᠨ ᠤ ᠪᠡᠶ᠎ᠡ ᠶᠢᠨ ᠡᠷᠡᠬᠦᠯ ᠮᠡᠨᠳᠦ ᠪᠠ ᠠᠮᠢ ᠨᠠᠰᠤᠨ ᠤ ᠠᠮᠤᠷ ᠲᠥᠪᠰᠢᠨ ᠢ ᠦᠨᠡᠨᠬᠦ ᠬᠠᠮᠠᠭᠠᠯᠠᠬᠤ ᠶᠢᠨ ᠲᠤᠯᠠᠳᠠ᠂ ᠳᠡᠭᠡᠷ᠎ᠡ ᠲᠤᠷᠠᠳᠤᠭᠰᠠᠨ ᠴᠠᠭ ᠬᠤᠭᠤᠴᠠᠭᠠᠨ ᠳᠤ ᠶᠤᠤ ᠤᠪᠤᠭᠲᠤ ᠲᠠᠢ ᠤᠶᠢᠷᠠᠳᠴᠤ ᠥᠩᠭᠡᠷᠡᠭᠰᠡᠨ ᠬᠦᠮᠦᠰ ᠨᠢ ᠲᠤᠬᠠᠢ ᠶᠢᠨ ᠴᠠᠭ ᠲᠠᠭᠠᠨ ᠭᠠᠴᠠᠭ᠎ᠠ ᠨᠡᠶᠢᠭᠡᠮ ᠲᠤᠭᠤᠷᠢᠭ᠂ ᠪᠠᠶᠢᠭᠤᠯᠭ᠎ᠠ ᠨᠢᠭᠡᠴᠡ ᠪᠤᠯᠤᠨ ᠬᠤᠰᠢᠭᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠬᠡᠯᠲᠡᠰ ᠤᠨ ᠬᠤᠯᠪᠤᠭᠳᠠᠯ ᠪᠦᠬᠦᠢ ᠲᠤᠰᠬᠠᠢ ᠠᠵᠢᠯ ᠤᠨ ᠲᠤᠭᠤᠶᠢᠯᠠᠩ ︵ᠬᠤᠰᠢᠭᠤ ᠵᠢᠯᠤᠭᠤᠳᠬᠤ ᠬᠡᠯᠲᠡᠰ ᠤᠨ ᠨᠡᠶᠢᠭᠡᠮ ᠤᠨ ᠬᠠᠮᠢᠶᠠᠷᠤᠨ ᠡᠵᠡᠮᠳᠡᠬᠦ ᠲᠤᠭᠤᠶᠢᠯᠠᠩ᠄ 110᠂ 6224814︔ ᠬᠤᠰᠢᠭᠤ ᠵᠢᠯᠤᠭᠤᠳᠬᠤ ᠬᠡᠯᠲᠡᠰ ᠤᠨ ᠡᠮᠴᠢᠯᠡᠭᠡᠨ ᠤ ᠰᠡᠷᠭᠡᠶᠢᠯᠡᠨ ᠡᠵᠡᠮᠳᠡᠬᠦ ᠲᠤᠭᠤᠶᠢᠯᠠᠩ᠄ 6222994᠂ 13884790901︔ ᠬᠤᠰᠢᠭᠤ ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠥᠪ᠄ 6222615᠂ 18647916553᠂ ᠰᠢᠨᠡᠪᠤᠯᠠᠭ ᠪᠠᠯᠭᠠᠰᠤᠨ ᠤ ᠲᠤᠮᠢᠯᠠᠭᠰᠠᠨ ᠰᠠᠯᠪᠤᠷᠢ᠄ 6222221᠂ ᠪᠠᠶᠠᠨᠲᠠᠯ᠎ᠠ ᠪᠠᠯᠭᠠᠰᠤᠨ ᠤ ᠲᠤᠮᠢᠯᠠᠭᠰᠠᠨ ᠰᠠᠯᠪᠤᠷᠢ᠄ 13947910948︔ ᠤᠩᠭᠤᠨ ᠠᠭᠤᠯᠠ ᠰᠣᠮᠣᠨ ᠤ ᠲᠤᠮᠢᠯᠠᠭᠰᠠᠨ ᠰᠠᠯᠪᠤᠷᠢ᠄ 13947950284︔ ᠪᠤᠭᠳᠠ ᠶᠢᠨ ᠭᠤᠣᠯ ᠰᠣᠮᠣᠨ ᠤ ᠲᠤᠮᠢᠯᠠᠭᠰᠠᠨ ᠰᠠᠯᠪᠤᠷᠢ᠄ 13947925042︔ ᠮᠠᠨᠳᠤᠯ᠎ᠠ ᠨᠡᠶᠢᠭᠡᠮ ᠲᠤᠭᠤᠷᠢᠭ᠄ 13947998086︔ ᠡᠷᠳᠡᠨᠢ ᠨᠡᠶᠢᠬᠡᠮ ᠲᠤᠭᠤᠷᠢᠭ᠄ 15148679866︔ ᠶᠠᠷᠭᠠᠢ ᠨᠡᠶᠢᠭᠡᠮ ᠲᠤᠭᠤᠷᠢᠭ᠄ 17604790106︔ ᠪᠤᠯᠠᠭ ᠨᠡᠶᠢᠭᠡᠮ ᠲᠤᠭᠤᠷᠢᠭ᠄ 15847966858︔ ᠴᠡᠩᠭᠡᠯ ᠨᠡᠶᠢᠭᠡᠮ ᠲᠤᠭᠤᠷᠢᠭ᠄ 13848593646︔ ᠬᠠᠰᠢᠶᠠᠲᠤ ᠨᠡᠶᠢᠭᠡᠮ ᠲᠤᠭᠤᠷᠢᠭ᠄ 13664793205︶  ᠲᠠᠢ ᠬᠠᠷᠢᠯᠴᠠᠵᠤ᠂ ᠨᠢᠭᠡᠳᠦᠯᠲᠡᠢ ᠲᠥᠪᠯᠡᠷᠡᠬᠦᠯᠦᠨ ᠲᠤᠰᠠᠭᠠᠷᠯᠠᠬᠤ᠂ ᠲᠠᠬᠤᠯ ᠡᠪᠡᠳᠴᠢᠨ ᠤ ᠰᠤᠳᠤᠯᠭᠠᠨ ᠤ ᠪᠠᠶᠢᠴᠠᠭᠠᠯᠲᠠ᠂ ᠪᠦᠭᠡᠮ ᠬᠦᠴᠢᠯ ᠤᠨ ᠪᠠᠶᠢᠴᠠᠭᠠᠯᠲᠠ ᠬᠢᠬᠦ ᠵᠡᠷᠭᠡ ᠠᠵᠢᠯ ᠲᠠᠢ ᠰᠠᠶᠢᠲᠤᠷ ᠬᠠᠮᠵᠢᠯᠴᠠᠬᠤ ᠬᠡᠷᠡᠭᠳᠡᠢ᠃ ᠬᠡᠷᠪᠡ ᠮᠡᠳᠡᠬᠦᠯᠬᠦ ᠦᠬᠡᠢ ᠨᠢᠭᠤᠪᠠᠯ ᠬᠠᠤᠯᠢ ᠶᠤᠰᠤᠭᠠᠷ ᠬᠤᠯᠪᠤᠭᠳᠠᠯ ᠪᠦᠬᠦᠢ ᠬᠦᠮᠦᠰ ᠠᠴᠠ ᠬᠠᠷᠢᠭᠤᠴᠠᠯᠭ᠎ᠠ ᠨᠡᠭᠡᠮᠵᠢᠯᠡᠨ᠎ᠡ᠃        ᠬᠤᠰᠢᠭᠤ ᠵᠢᠯᠤᠭᠤᠳᠬᠤ ᠬᠡᠯᠲᠡᠰ ᠠᠴᠠ ᠦᠷᠭᠡᠨ ᠣᠯᠠᠨ ᠲᠥᠮᠡᠨ ᠳᠤ ᠰᠠᠨᠠᠭᠤᠯᠬᠤ ᠨᠢ᠂ ᠤᠬᠠᠮᠰᠠᠷ ᠠᠴᠠ  ᠪᠠᠨ ᠡᠯ᠎ᠡ ᠲᠥᠷᠦᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠬᠠᠮᠵᠢᠯᠴᠠᠨ ᠨᠠᠶᠢᠳᠠᠪᠦᠷᠢᠵᠢᠭᠤᠯᠵᠤ᠂ ᠰᠤᠨᠤᠷ ᠰᠡᠷᠡᠮᠵᠢ ᠪᠠᠨ ᠲᠡᠭᠡᠭᠰᠢᠯᠡᠬᠦᠯᠦᠨ᠂ ᠦᠷᠬᠦᠯᠵᠢᠯᠡᠨ ᠠᠮᠠᠪᠴᠢ ᠵᠡᠬᠦᠵᠦ᠂ ᠭᠠᠷ ᠢᠶᠠᠨ ᠰᠠᠶᠢᠲᠤᠷ ᠤᠬᠢᠶᠠᠨ᠂ ᠠᠭᠠᠷ ᠰᠠᠯᠬᠢ ᠨᠡᠪᠳᠡᠷᠡᠬᠦᠯᠵᠦ᠂ ᠨᠢᠭᠡ ᠮᠧᠲᠷ ᠠᠴᠠ ᠲᠡᠭᠡᠭᠰᠢᠬᠢ ᠠᠮᠤᠷ ᠲᠥᠪᠰᠢᠨ ᠨᠡᠶᠢᠭᠡᠮ ᠤᠨ ᠬᠠᠷᠢᠯᠴᠠᠭᠠᠨ ᠤ ᠵᠠᠢ ᠶᠢ ᠪᠠᠳᠤᠯᠠᠵᠤ᠂ ᠥᠪᠡᠷ ᠤᠨ ᠡᠷᠡᠬᠦᠯ ᠮᠡᠨᠳᠦ ᠳᠡᠭᠡᠨ ᠬᠠᠷᠢᠭᠤᠴᠠᠨ᠎ᠡ᠃ ᠬᠦᠮᠦᠨ ᠣᠯᠠᠨ ᠴᠤᠭᠯᠠᠷᠠᠭᠰᠠᠨ᠂ ᠨᠢᠭᠲᠠ ᠪᠢᠳᠡᠬᠦᠦ ᠣᠷᠤᠨ ᠲᠠᠯᠠᠪᠤᠷ ᠲᠤ ᠠᠯᠢ ᠴᠢᠳᠠᠬᠤ ᠪᠠᠷ ᠤᠴᠢᠬᠤ ᠦᠬᠡᠢ ᠪᠠᠶᠢᠵᠤ᠂ ᠭᠠᠳᠠᠭᠰᠢ ᠭᠠᠷᠬᠤ ᠴᠢᠬᠤᠯᠠᠲᠠᠢ ᠪᠤᠯ ᠪᠡᠶ᠎ᠡ ᠶᠢᠨ ᠲᠤᠯᠠᠭᠠᠨ ᠬᠡᠮᠵᠢᠬᠦ᠂ ᠡᠷᠡᠬᠦᠯ ᠮᠡᠨᠳᠦ ᠶᠢᠨ ᠺᠤᠳ᠋ ᠰᠢᠯᠭᠠᠨ ᠪᠠᠶᠢᠴᠠᠭᠠᠬᠤ ᠵᠡᠷᠭᠡ ᠰᠡᠷᠭᠡᠶᠢᠯᠡᠨ ᠡᠵᠡᠮᠳᠡᠬᠦ ᠠᠵᠢᠯ ᠲᠠᠢ ᠰᠠᠶᠢᠲᠤᠷ ᠬᠠᠮᠵᠢᠯᠴᠠᠨ ᠨᠠᠶᠢᠳᠠᠪᠦᠷᠢᠵᠢᠭᠤᠯᠬᠤ ᠬᠡᠷᠡᠭᠳᠡᠢ᠃ ᠥᠪᠡᠷ ᠤᠨ ᠪᠡᠶ᠎ᠡ ᠪᠠ ᠭᠡᠷ ᠤᠨ ᠬᠦᠮᠦᠰ ᠤᠨ ᠢᠶᠠᠨ ᠪᠡᠶ᠎ᠡ ᠶᠢᠨ ᠡᠷᠡᠬᠦᠯ ᠮᠡᠨᠳᠦ ᠶᠢᠨ ᠪᠠᠶᠢᠳᠠᠯ ᠢ ᠴᠠᠭ ᠢᠮᠠᠭᠲᠠ ᠠᠩᠬᠠᠷᠴᠤ᠂ ᠬᠡᠷᠪᠡ ᠬᠠᠯᠠᠭᠤᠷᠠᠬᠤ᠂ ᠬᠠᠨᠢᠶᠠᠬᠤ᠂ ᠲᠠᠮᠢᠷᠲᠠᠬᠤ᠂ ᠬᠤᠭᠤᠯᠠᠢ ᠡᠪᠡᠳᠬᠦ᠂ ᠠᠮᠲᠠᠯᠠᠬᠤ ᠦᠨᠦᠷᠯᠡᠬᠦ ᠰᠡᠷᠡᠯ ᠮᠠᠭᠤᠳᠠᠬᠤ᠂ ᠰᠠᠭᠤᠯᠭᠠᠬᠤ ᠵᠡᠷᠭᠡ ᠢᠯᠡᠷᠡᠯ ᠭᠠᠷᠪᠠᠯ᠂ ᠲᠠᠷᠤᠶᠢᠬᠠᠨ ᠠᠮᠠᠪᠴᠢ ᠵᠡᠬᠦᠵᠦ ᠬᠤᠰᠢᠭᠤ ᠠᠷᠠᠳ ᠤᠨ ᠡᠮᠨᠡᠯᠭᠡ ᠶᠢᠨ ᠬᠤᠷᠢᠶᠠᠨ ᠤ ᠬᠠᠯᠠᠭᠤᠷᠠᠭᠰᠠᠨ ᠡᠪᠡᠳᠴᠢᠳᠡᠨ ᠢ ᠡᠮᠴᠢᠯᠡᠬᠦ ᠡᠬᠦᠳᠡᠨ ᠡᠮᠨᠡᠯᠭᠡ ᠳᠤ ᠬᠦᠷᠴᠦ ᠪᠠᠶᠢᠴᠠᠭᠠᠨ ᠡᠮᠴᠢᠯᠡᠬᠦᠯᠬᠦ ᠶᠢᠨ ᠬᠠᠮᠲᠤ᠂ ᠥᠪᠡᠷ ᠤᠨ ᠶᠠᠪᠤᠵᠤ ᠰᠠᠭᠤᠭᠰᠠᠨ ᠪᠠᠶᠢᠳᠠᠯ ᠵᠢᠴᠢ ᠨᠢᠭᠲᠠ ᠣᠶᠢᠷᠠᠳᠤᠭᠰᠠᠨ ᠪᠠᠶᠢᠳᠠᠯ ᠢᠶᠠᠨ ᠦᠨᠡᠨ ᠪᠤᠳᠠᠳᠠᠢ ᠮᠡᠳᠡᠬᠦᠯᠵᠦ᠂ ᠡᠮᠴᠢᠯᠡᠬᠦᠯᠬᠦ ᠶᠠᠪᠤᠴᠠ ᠳᠤ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠶᠢ ᠬᠡᠷᠡᠭᠯᠡᠬᠦ ᠠᠴᠠ ᠵᠠᠶᠢᠯᠠᠰᠬᠢᠨ᠎ᠡ᠃        ᠣᠳᠣᠬᠠᠨ ᠳᠤ᠂ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠬᠦ ᠨᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠠᠯᠳᠠᠪᠦᠷᠢᠯᠠᠯ ᠢ ᠰᠡᠷᠭᠡᠶᠢᠯᠡᠨ ᠬᠤᠷᠢᠭᠯᠠᠬᠤ ᠬᠠᠮᠤᠭ ᠤᠨ ᠠᠮᠤᠷ ᠲᠦᠪᠰᠢᠨ ᠪᠥᠭᠡᠳ ᠪᠦᠲᠦᠮᠵᠢᠲᠡᠶ ᠠᠷᠭ᠎ᠠ ᠬᠡᠮᠵᠢᠶ᠎ᠡ ᠪᠣᠯᠤᠨ᠎ᠠ᠃ ᠨᠦᠬᠦᠴᠡᠯ ᠳᠤ ᠨᠡᠶᠢᠴᠡᠬᠦ ᠪᠤᠯᠪᠠᠴᠤ ᠨᠢᠭᠡᠳᠦᠭᠡᠷ ᠵᠡᠬᠦᠦ᠂ ᠬᠤᠶᠠᠳᠤᠭᠠᠷ ᠵᠡᠬᠦᠦ ᠪᠠᠨ ᠲᠠᠷᠢᠭ᠎ᠠ ᠦᠬᠡᠢ ᠰᠠᠭᠤᠭᠠᠯᠢ ᠠᠷᠠᠳ ᠲᠠᠷᠤᠶᠢᠬᠠᠨ ᠸᠠᠺᠼᠢᠨ ᠤ ᠲᠠᠷᠢᠯᠭ᠎ᠠ ᠶᠢ ᠲᠠᠷᠢᠵᠤ᠂ ᠣᠯᠠᠨ ᠨᠡᠶᠢᠲᠡ  ᠶᠢᠨ ᠰᠡᠷᠭᠡᠶᠢᠯᠡᠯᠲᠡ ᠶᠢᠨ ᠬᠠᠯᠬᠠᠪᠴᠢ ᠶᠢ ᠴᠤᠭᠴᠠᠯᠠᠬᠤ ᠬᠡᠷᠡᠭᠳᠡᠢ᠃ ᠤᠯᠤᠰ᠂ ᠦᠪᠡᠷᠲᠡᠭᠡᠨ ᠵᠠᠰᠠᠬᠤ ᠣᠷᠤᠨ᠂ ᠠᠶᠢᠮᠠᠭ ᠤᠨ ᠵᠢᠯᠤᠭᠤᠳᠬᠤ ᠬᠡᠯᠲᠡᠰ ᠤᠨ ᠱᠠᠭᠠᠷᠳᠠᠯᠭ᠎ᠠ ᠶᠤᠰᠤᠭᠠᠷ᠂ ᠮᠠᠨ ᠤ ᠬᠤᠰᠢᠭᠤ 10 ᠰᠠᠷ᠎ᠠ ᠶᠢᠨ 21 ᠤ ᠡᠳᠦᠷ ᠤ ᠦᠳᠡ ᠶᠢᠨ ᠬᠤᠶᠢᠨ᠎ᠠ ᠠᠴᠠ ᠭᠤᠷᠪᠠᠳᠤᠭᠠᠷ ᠤᠳᠠᠭᠠᠨ ᠤ ᠰᠢᠨ᠎ᠡ ᠲᠢᠳᠢᠮᠯᠢᠭ ᠠᠭᠤᠰᠬᠢᠨ ᠥᠷᠪᠢᠰᠦᠯ ᠢ ᠰᠡᠷᠭᠡᠶᠢᠯᠡᠬᠦ ᠸᠠᠺᠼᠢᠨ ᠤ ᠴᠢᠩᠭᠠᠳᠬᠠᠬᠤ ᠲᠠᠷᠢᠯᠭ᠎ᠠ ᠶᠢ ᠡᠬᠢᠯᠡᠬᠦᠯᠪᠡ᠃ ᠸᠠᠺᠼᠢᠨ ᠤ ᠲᠠᠷᠢᠯᠭ᠎ᠠ ᠶᠢᠨ ᠪᠦᠬᠦᠶᠢᠯᠡ ᠶᠠᠪᠤᠴᠠ ᠶᠢ ᠲᠠᠷᠢᠵᠤ ᠲᠠᠭᠤᠰᠬᠠᠭᠠᠳ ᠪᠦᠬᠦᠯᠢ 6 ᠰᠠᠷ᠎ᠠ ᠪᠤᠯᠤᠭᠰᠠᠳ ︵ ᠸᠠᠺᠽᠢᠨ ᠤ ᠬᠤᠶᠠᠳᠡᠬᠢ ᠵᠡᠬᠦᠦ ᠶᠢ ᠲᠠᠷᠢᠭᠰᠠᠨ ᠡᠳᠦᠷ ᠬᠤᠭᠤᠴᠠᠭ᠎ᠠ ᠪᠠᠷ ᠪᠠᠷᠢᠮᠵᠢᠶ᠎ᠠ ᠪᠤᠯᠭᠠᠨ᠎ᠠ︶ ᠬᠤᠰᠢᠭᠤ ᠪᠡᠶ᠎ᠡ ᠶᠢᠨ ᠲᠠᠮᠢᠷ ᠤᠨ ᠣᠷᠳᠤᠨ ᠤ ᠸᠠᠺᠼᠢᠨ ᠲᠠᠷᠢᠬᠤ ᠴᠢᠭ ᠲᠤ ᠬᠦᠷᠴᠦ ᠲᠠᠷᠢᠯᠭ᠎ᠠ ᠪᠠᠨ ᠢᠳᠡᠪᠬᠢᠳᠡᠢ ᠲᠠᠷᠢᠭᠤᠯᠵᠤ᠂ ᠬᠠᠮᠤᠭ ᠤᠨ ᠰᠠᠶᠢᠨ ᠬᠠᠮᠠᠭᠠᠯᠠᠯᠲᠠ ᠶᠢᠨ ᠦᠷ᠎ᠡ ᠠᠰᠢᠭ ᠢ ᠪᠠᠳᠤᠯᠠᠨ᠎ᠠ᠂ ᠸᠠᠺᠼᠢᠨ ᠲᠠᠷᠢᠬᠤ ᠴᠢᠭ ᠨᠢ ᠸᠠᠺᠼᠢᠨ ᠲᠠᠷᠢᠬᠤ ᠬᠦᠮᠦᠰ ᠤᠨ ᠬᠠᠮᠢᠶᠠᠷᠤᠯᠲᠠ ᠶᠢ ᠴᠢᠩᠭᠠᠳᠬᠠᠵᠤ᠂ ᠬᠦᠮᠦᠨ ᠣᠯᠠᠨ ᠴᠤᠭᠯᠠᠷᠠᠬᠤ ᠠᠴᠠ ᠵᠠᠶᠢᠯᠠᠰᠬᠢᠬᠦ ᠬᠡᠷᠡᠭᠳᠡᠢ᠃                                                 ᠬᠦᠪᠡᠭᠡᠳᠦ ᠰᠢᠷ᠎ᠡ ᠬᠤᠰᠢᠭᠤᠨ ᠤ ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠦᠷᠢᠯᠠᠬᠰᠠᠨ            ᠠᠭᠤᠰᠬᠢᠨ ᠤ ᠦᠷᠪᠢᠰᠦᠯ ᠢ ᠰᠡᠷᠭᠡᠶᠢᠯᠡᠨ ᠡᠵᠡᠮᠳᠡᠬᠦ ᠠᠵᠢᠯ ᠤᠨ ᠵᠢᠯᠦᠭᠤᠳᠬᠤ ᠭᠡᠯᠳᠡᠰ                       2021 ᠤᠨ ᠤ 10 ᠰᠠᠷᠠᠶᠢᠨ 27 ᠤ ᠡᠳᠦᠷ
         
        ᠢᠷᠡᠯᠲᠡ᠄ ᠬᠦᠪᠡᠭᠡᠲᠦ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号