365娱乐场奖金_365速发国际welcome_365游戏厅网页登录人民政府蒙古文政务门户网站 365娱乐场奖金_365速发国际welcome_365游戏厅网页登录

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠮᠠᠯᠴᠢᠨ ᠭᠠᠩᠲᠡᠮᠦᠷ ᠭᠠᠴᠠᠭᠠᠨ ᠤ ᠪᠠᠨ ᠬᠠᠮᠳᠣ ᠶᠢᠨ ᠲᠠᠷᠢᠮᠠᠯ ᠤᠨ ᠭᠠᠵᠠᠷ ᠢ ᠳᠦᠷᠢᠶᠡᠰᠦᠯᠡᠨ ᠤᠷᠣᠯᠭ᠎ᠠ ᠪᠠᠨ ᠨᠡᠮᠡᠭᠳᠡᠭᠦᠯᠵᠥ ᠪᠠᠶᠢᠨ᠎ᠠ
        ᠨᠡᠶᠢᠲᠡᠯᠡᠭᠰᠡᠨ ᠴᠠᠭ᠄
        2022/9/19
               ᠰᠣᠷᠪᠣᠯᠵᠢᠯᠠᠬᠴᠢ ᠬᠦᠪᠡᠭᠡᠲᠦ ᠰᠢᠷ᠎ᠠ ᠬᠤᠰᠢᠭᠤᠨ ᠤ ᠪᠣᠬᠳᠠ ᠶᠢᠨ ᠭᠤᠣᠯ ᠰᠣᠮᠣᠨ ᠤ ᠨᠠᠷᠠᠲᠤ ᠭᠠᠴᠠᠭᠠᠨ ᠤ ᠬᠠᠮᠲᠤ ᠶᠢᠨ ᠲᠠᠷᠢᠶᠠᠨ ᠭᠠᠵᠠᠷ ᠬᠦᠷᠬᠦ ᠳᠤ᠂ ᠮᠠᠯᠴᠢᠨ ᠭᠠᠩᠲᠡᠮᠦᠷ  ᠨᠣᠭᠤᠭᠠᠨ ᠲᠠᠷᠣᠰᠢ ᠶᠢᠨ ᠡᠷᠳᠡᠨᠢ ᠰᠢᠰᠢ ᠪᠠᠨ ᠬᠠᠳᠣᠨ ᠶᠠᠭᠠᠷᠠᠵᠦ ᠪᠠᠶᠢᠯ᠎ᠠ ᠃       ᠭᠠᠩᠲᠡᠮᠦᠷ 2019 ᠣᠨ ᠠᠴᠠ ᠡᠬᠢᠯᠡᠵᠥ᠂ ᠭᠠᠴᠠᠭᠠᠨ ᠤ ᠪᠠᠨ ᠬᠠᠮᠲᠤ ᠶᠢᠨ ᠲᠠᠷᠢᠶᠠᠨ ᠭᠠᠵᠠᠷ ᠢ 13.5 ᠲᠦᠮᠡᠨ ᠲᠦᠭᠦᠷᠢᠭ ᠤᠨ ᠦᠨ᠎ᠡ ᠬᠠᠨᠭ᠍ᠰᠢ ᠪᠠᠷ ᠲᠠᠪᠤᠨ ᠵᠢᠯ ᠤᠨ ᠬᠤᠭᠤᠴᠠᠭ᠎ᠠ ᠲᠠᠢ ᠲᠦᠷᠢᠶᠡᠰᠦᠯᠡᠨ ᠡᠵᠡᠩᠨᠡᠵᠦ᠂ ᠵᠢᠯ ᠪᠣᠯᠭᠠᠨ ᠨᠣᠭᠤᠭᠠᠨ ᠲᠠᠷᠣᠰᠢ ᠶᠢᠨ ᠡᠷᠳᠡᠨᠢ ᠰᠢᠰᠢ ᠲᠠᠷᠢᠳᠠᠭ ᠪᠠᠶᠢᠨ᠎ᠠ᠃       ᠮᠠᠯᠴᠢᠨ ᠭᠠᠩᠲᠡᠮᠦᠷ᠄ ︽ᠪᠢ ᠨᠠᠷᠠᠲᠤ ᠭᠠᠴᠠᠭᠠᠨ ᠤ ᠪᠠᠨ1450 ᠮᠦ ᠲᠠᠷᠢᠶᠠᠨ ᠭᠠᠵᠠᠷ ᠢ ᠲᠠᠪᠤᠨ ᠵᠢᠯ ᠤᠨ ᠬᠤᠭᠤᠴᠠᠭ᠎ᠠ ᠲᠠᠢ ᠳᠦᠷᠢᠶᠡᠰᠦᠯᠡᠵᠥ ᠠᠪᠤᠭᠠᠳ ᠣᠳᠣ ᠳᠦᠷᠪᠡᠳᠦᠭᠡᠷ ᠵᠢᠯ ᠢᠶᠠᠨ ᠪᠤᠯᠵᠣ ᠪᠠᠶᠢᠨ᠎ᠠ᠂ ᠵᠢᠯ ᠪᠣᠯᠭᠠᠨ ᠨᠠᠷᠠᠳᠣ ᠭᠠᠴᠠᠭᠠᠨ ᠤ ᠪᠠᠨ ᠵᠠᠭᠤᠨ ᠡᠷᠦᠬᠡ ᠳᠤ ᠨᠢᠭᠡ ᠠᠶᠢᠯ ᠤᠨ 7.5 ᠲᠣᠨ ᠨᠤᠭᠤᠭᠠᠨ ᠳᠠᠷᠣᠰᠢ ᠶᠢ ᠲᠣᠨ ᠪᠦᠷᠢ 200 ᠲᠦᠭᠦᠷᠢᠭ ᠢᠶᠠᠷ ᠬᠤᠳᠠᠯᠳᠤᠨ ᠦᠭᠴᠦ ᠪᠠᠶᠢᠨ᠎ᠠ᠃ ᠡᠨᠡ ᠵᠢᠯ ᠤᠨ ᠤᠨᠠᠯᠲᠠ ᠦᠩᠭᠡᠷᠡᠭᠰᠡᠨ ᠵᠢᠯ ᠠᠴᠠ ᠪᠠᠨ ᠠᠨᠠᠢ᠂ ᠨᠠᠢᠮᠠᠨ ᠰᠠᠷ᠎ᠠ ᠶᠢᠨ ᠬᠤᠷᠢᠳ ᠢᠶᠠᠷ ᠨᠢᠭᠡ ᠰᠦᠨᠢ ᠶᠢᠨ ᠬᠦᠢᠲᠡᠨ ᠳᠤ ᠲᠠᠷᠢᠮᠠᠯ ᠤᠨ ᠭᠠᠵᠠᠷ ᠶᠡᠭᠡ ᠪᠠᠷ ᠭᠦᠯᠳᠡᠭᠰᠡᠨ ᠠᠴᠠ ᠮᠦ ᠪᠦᠷᠢ  ᠶᠢᠨ ᠣᠨᠠᠯᠳᠠ 2 ᠲᠣᠨ ᠠᠷᠠᠢ ᠬᠦᠷᠬᠦ ᠦᠭᠡᠢ︾ ᠭᠡᠵᠦ ᠪᠠᠶᠢᠯ᠎ᠠ᠃       ᠨᠠᠷᠠᠳᠣ ᠭᠠᠴᠠᠭ᠎ᠠ ᠨᠢ ᠬᠠᠮᠳᠣ ᠶᠢᠨ ᠠᠵᠦ ᠠᠬᠤᠢ ᠪᠠᠨ ᠭᠦᠭᠵᠢᠭᠦᠯᠭᠦ ᠶᠢᠨ ᠵᠡᠷᠭᠡᠪᠡᠷ ᠮᠠᠯᠴᠢᠳ ᠤᠨ ᠣᠷᠣᠯᠭ᠎ᠠ ᠶᠢ ᠨᠡᠮᠡᠭᠳᠡᠭᠦᠯᠭᠦ ᠶᠢ ᠪᠣᠳᠣᠯᠭᠢᠯᠠᠨ᠂ ᠭᠠᠴᠠᠭᠠᠨ ᠤ ᠪᠠᠨ ᠬᠠᠮᠳᠣ ᠶᠢᠨ ᠲᠠᠷᠢᠶᠠᠨ ᠭᠠᠵᠠᠷ ᠢᠶᠠᠨ ᠲᠦᠷᠢᠶᠡᠰᠦᠯᠡᠭᠦᠯᠭᠦ ᠦᠶ᠎ᠡ ᠳᠤ ᠲᠠᠷᠢᠮᠠᠯ ᠢᠶᠠᠨ ᠭᠠᠴᠠᠭᠠᠨ ᠤ ᠮᠠᠯᠴᠢᠳ ᠲᠤ ᠲᠣᠣᠷ᠎ᠠ ᠦᠨ᠎ᠡ ᠪᠠᠷ ᠬᠤᠳᠠᠯᠳᠣᠨ ᠦᠭᠭᠦ ᠭᠡᠷ᠎ᠡ ᠲᠣᠬᠳᠠᠬᠰᠠᠨ ᠢᠶᠠᠷ ᠭᠠᠩᠲᠡᠮᠦᠷ ᠬᠠᠮᠳᠣ ᠶᠢᠨ ᠲᠠᠷᠢᠶᠠᠨ ᠭᠠᠵᠠᠷ ᠢ ᠲᠦᠷᠢᠶᠡᠰᠦᠯᠡᠭᠰᠡᠨ ᠴᠠᠭ ᠠᠴᠠ ᠠᠪᠣᠭᠠᠳ ᠵᠢᠯ ᠪᠣᠯᠭᠠᠨ ᠭᠠᠴᠠᠭᠠᠨ ᠤ ᠪᠠᠨ ᠮᠠᠯᠴᠢᠨ ᠡᠷᠦᠭᠡ ᠳᠤ ᠨᠣᠭᠤᠭᠠᠨ ᠲᠠᠷᠣᠰᠢ ᠶᠢᠨ ᠡᠷᠳᠡᠨᠢ ᠰᠢᠰᠢ ᠪᠠᠨ ᠭᠢᠮᠳᠠ ᠦᠨ᠎ᠡ ᠪᠠᠷ ᠬᠤᠳᠠᠯᠳᠤᠨ ᠦᠭᠴᠦ᠂ ᠮᠠᠯᠴᠢᠳ ᠤᠨ  ᠢᠶᠠᠨ ᠡᠪᠡᠰᠦ ᠪᠣᠷᠳᠤᠭ᠎ᠠ ᠬᠤᠳᠠᠯᠳᠣᠨ ᠠᠪᠬᠤ ᠦᠪᠡᠷ ᠤᠨ ᠦᠷᠳᠡᠭ ᠢ ᠲᠣᠷᠣᠬᠰᠢᠯᠠᠭᠤᠯᠣᠬᠰᠠᠨ ᠪᠠᠶᠢᠨ᠎ᠠ᠃       ᠨᠠᠷᠠᠲᠤ ᠭᠠᠴᠠᠭᠠᠨ ᠤ ᠮᠠᠯᠴᠢᠨ ᠬᠡᠰᠢᠭᠪᠡᠲᠦ᠄ ︽ᠮᠠᠨ ᠤ ᠨᠠᠷᠠᠲᠤ ᠭᠠᠴᠠᠭ᠎ᠠ ᠨᠢ ᠲᠠᠷᠢᠶᠠᠨ ᠭᠠᠵᠠᠷ ᠢ ᠳᠠᠭᠠᠭᠠᠴᠢᠯᠠᠵᠤ ᠥᠭᠬᠦ ᠥᠶ᠎ᠡ ᠳᠤ ᠭᠠᠩᠲᠡᠮᠦᠷ ᠲᠤ ᠳᠤᠤᠷ᠎ᠠ ᠦᠨ᠎ᠡ ᠪᠠᠷ ᠬᠠᠮᠲᠤ ᠶᠢᠨ ᠲᠠᠷᠢᠶᠠᠨ ᠭᠠᠵᠠᠷ ᠢᠶᠠᠨ ᠳᠠᠭᠠᠭᠠᠴᠢᠯᠠᠵᠤ᠂ ᠭᠠᠩᠲᠡᠮᠦᠷ ᠴᠦ ᠮᠠᠯᠴᠢᠳ ᠲᠤ ᠳᠤᠤᠷ᠎ᠠ ᠦᠨ᠎ᠡ ᠪᠠᠷ ᠨᠤᠭᠤᠭᠠᠨ ᠳᠠᠷᠤᠰᠢ ᠪᠠᠨ ᠬᠤᠳᠠᠯᠳᠤᠵᠤ ᠦᠭᠭᠦᠨ᠎ᠡ ᠭᠡᠵᠥ ᠶᠠᠷᠢᠯᠴᠠᠵᠤ ᠲᠣᠭᠲᠠᠵᠠᠢ᠃ ᠦᠨᠥ ᠵᠢᠯ ᠤᠨ ᠪᠠᠶᠢᠳᠠᠯ ᠢ ᠦᠵᠡᠪᠡᠯ ᠵᠠᠬ᠎ᠠ ᠳᠡᠯᠭᠡᠭᠦᠷ ᠤᠨ ᠦᠨ᠎ᠡ ᠬᠠᠩᠰᠢ ᠳᠣᠨ ᠪᠦᠷᠢ ᠳᠤ ᠪᠠᠨ ᠲᠠᠪᠤ ᠵᠢᠷᠭᠤᠭᠠᠨ ᠵᠠᠭᠤᠨ ᠲᠦᠭᠦᠷᠢᠭ ᠬᠦᠷᠴᠥ ᠪᠠᠶᠢᠨ᠎ᠠ᠂ ᠭᠠᠩᠲᠡᠮᠦᠷ ᠮᠦᠨ ᠯᠠ ᠭᠠᠴᠠᠭᠠᠨ ᠤ ᠪᠠᠨ ᠮᠠᠯᠴᠢᠳ ᠲᠤ ᠬᠤᠶᠠᠷ ᠵᠠᠭᠤᠨ ᠲᠦᠭᠦᠷᠢᠭ ᠢᠶᠠᠷ ᠬᠤᠳᠠᠯᠳᠤᠨ ᠦᠭᠴᠥ᠂ ᠭᠠᠴᠠᠭᠠᠨ ᠤ ᠮᠠᠯᠴᠢᠳ ᠤᠨ ᠡᠪᠡᠰᠦ ᠪᠤᠷᠳᠤᠭ᠎ᠠ ᠬᠤᠳᠠᠯᠳᠤᠨ ᠠᠪᠬᠤ ᠵᠠᠷᠤᠳᠠᠯ ᠢ ᠠᠷᠪᠢᠯᠠᠵᠠᠢ᠃      ᠤᠶᠢᠯᠠᠭᠠᠭᠰᠠᠨ ᠢᠶᠠᠷ᠂ ᠭᠠᠩᠲᠡᠮᠦᠷ ᠭᠠᠴᠠᠭᠠᠨ ᠤ ᠪᠠᠨ ᠬᠠᠮᠲᠤ ᠶᠢᠨ ᠲᠠᠷᠢᠶᠠᠨ ᠭᠠᠵᠠᠷ ᠢ ᠳᠦᠷᠢᠶᠡᠰᠦᠯᠡᠭᠰᠡᠨ ᠭᠤᠷᠪᠠᠨ ᠵᠢᠯ ᠤᠨ ᠲᠣᠷᠰᠢ 60 ᠲᠦᠮᠡᠨ ᠲᠦᠭᠦᠷᠢᠭ ᠵᠠᠷᠤᠴᠠᠭᠤᠯᠵᠤ᠂ ᠬᠠᠳᠤᠵᠤ ᠬᠤᠷᠢᠶᠠᠬᠤ ᠮᠠᠰᠢᠨ ᠲᠦᠭᠦᠭᠡᠷᠦᠮᠵᠢ ᠶᠢ ᠢᠵᠢ ᠪᠦᠷᠢᠳᠦᠭᠦᠯᠵᠦ᠂ ᠰᠢᠨᠵᠢᠯᠡᠭᠦ ᠣᠬᠠᠭᠠᠨᠴᠢ ᠡᠵᠡᠩᠨᠡᠯᠳᠡ ᠭᠢᠭᠰᠡᠨ ᠢᠶᠠᠷ ᠳᠦᠴᠢᠭᠡᠳ ᠲᠦᠮᠡᠨ ᠲᠦᠭᠦᠷᠢᠭ ᠤᠨ ᠴᠡᠪᠡᠷ ᠤᠷᠣᠯᠭ᠎ᠠ ᠣᠯᠣᠬᠰᠠᠨ ᠪᠠᠶᠢᠨ᠎ᠠ᠃ 
         
        ᠢᠷᠡᠯᠲᠡ᠄ ᠬᠦᠪᠡᠭᠡᠲᠦᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号