ᠨᠠᠮ ᠤᠨ ᠭᠡᠰᠢᠭᠦᠨ ᠪᠣᠯ ᠨᠠᠮ ᠤᠨ ᠵᠣᠬᠢᠶᠠᠨ ᠪᠠᠶᠢᠭᠤᠯᠤᠯᠲᠠ ᠶᠢᠨ ᠣᠯᠠᠨ ᠲᠦᠮᠡᠨ ᠲᠠᠢ ᠬᠠᠷᠢᠯᠴᠠᠬᠤ | ᠬᠤᠯᠪᠣᠭᠠᠰᠤ᠂ ᠨᠠᠮ ᠤᠨ ᠭᠡᠰᠢᠭᠦᠨ ᠭᠤᠣᠯᠯᠠᠬᠤ ᠡᠷᠦᠬᠡ ᠪᠣᠯ ᠨᠠᠩ ᠴᠤ ᠨᠠᠮ ᠤᠨ ᠭᠡᠰᠢᠭᠦᠨ ᠤ ᠳᠠᠭᠠᠭᠤᠯᠤᠭᠴᠢ᠂ | ᠨᠠᠮ ᠪᠡ ᠠᠷᠠᠳ ᠲᠦᠮᠡᠨ ᠤ ᠰᠡᠳᠬᠢᠯ ᠤᠨ ᠬᠤᠯᠪᠣᠭᠠᠰᠣ ᠪᠣᠯᠬᠤ ᠶᠣᠮ᠃ ᠬᠦᠪᠡᠬᠡᠳᠣ ᠰᠢᠷ᠎ᠡ ᠬᠤᠰᠢᠭᠤᠨ ᠤ | ᠪᠣᠭᠳᠠ ᠶᠢᠨ ᠭᠤᠤᠯ ᠰᠤᠮᠤᠨ ᠤ ᠴᠠᠭᠠᠨ ᠳᠠᠷᠠᠰᠤ ᠭᠠᠴᠠᠭᠠᠨ ᠤ ᠪᠠᠶᠠᠷᠲᠤ ᠪᠣᠯ ᠡᠳᠡᠭᠡᠷ ᠨᠠᠮ ᠤᠨ ᠭᠡᠰᠢᠭᠦᠨ | ᠭᠤᠣᠯᠯᠠᠬᠤ ᠡᠷᠦᠭᠡ ᠶᠢᠨ ᠨᠢᠭᠡ ᠨᠢ ᠪᠣᠯᠤᠨ᠎ᠠ᠃ | ᠪᠠᠶᠠᠷᠳᠣ ᠭᠠᠴᠠᠭᠠᠨ ᠤ ᠪᠠᠨ ᠨᠠᠮ ᠤᠨ ᠭᠡᠰᠢᠭᠦᠨ ᠭᠤᠣᠯᠯᠠᠬᠤ ᠡᠷᠦᠬᠡ᠂ ᠨᠠᠮ ᠤᠨ ᠪᠠᠭ᠎ᠠ ᠳᠤᠭᠤᠶᠢᠯᠠᠩ ᠤᠨ | ᠳᠠᠷᠤᠭ᠎ᠠ᠂ ᠲᠣᠣᠷᠴᠢᠯᠠᠬᠰᠠᠨ ᠬᠠᠮᠢᠶᠠᠷᠣᠯᠳᠠ ᠶᠢᠨ ᠭᠡᠰᠢᠭᠦᠨ᠂ ᠮᠠᠯᠴᠢᠳ ᠤᠨ ᠪᠠᠭ᠎ᠠ ᠳᠤᠭᠤᠶᠢᠯᠠᠩ ᠤᠨ ᠳᠠᠷᠤᠭ᠎ᠠ | ᠶᠢᠨ ᠲᠤᠰᠢᠶᠠᠯ ᠢ ᠡᠭᠦᠷᠭᠡᠯᠡᠭᠰᠡᠨ ᠠᠴᠠ ᠨᠠᠰᠢ᠂ ᠨᠠᠮ ᠪᠠ ᠣᠯᠠᠨ ᠲᠦᠮᠡᠨ ᠤ ᠠᠵᠢᠯᠯᠠᠭ᠎ᠠ ᠶᠢ ᠢᠳᠡᠪᠬᠢᠲᠡᠶ ᠵᠣᠬᠢᠶᠠᠨ | ᠪᠠᠶᠢᠭᠤᠯᠬᠤ ᠶᠢᠨ ᠬᠠᠮᠳᠣ ︽ᠮᠠᠯᠴᠢᠨ ᠠᠶᠢᠯ ᠵᠤᠰᠠᠯᠠᠩ︾᠂ ᠬᠡᠷ ᠪᠦᠯᠢ ᠶᠢᠨ ᠮᠠᠯᠵᠢᠯ ᠤᠨ ᠲᠠᠯᠠᠪᠠᠶ᠂ ︽ᠴᠠᠭᠠᠨ | ᠲᠡᠷᠡᠰᠦ ᠭᠡᠪ ᠳᠠᠭᠤᠷᠢᠶᠠᠯᠳᠣ ᠵᠠᠯᠠᠭᠤᠴᠣᠳ ᠤᠨ ᠠᠶᠢᠯ︾ ᠵᠡᠷᠭᠡ ᠰᠢᠨ᠎ᠡ ᠬᠡᠯᠪᠡᠷᠢ ᠶᠢᠨ ᠠᠳᠠᠯ ᠦᠶᠯᠡᠰ ᠴᠣᠭᠴᠠᠯᠠᠵᠤ | ᠪᠠᠶᠠᠵᠢᠨ ᠴᠢᠨᠡᠭᠡᠯᠢᠭᠵᠢᠬᠦ ᠲᠥᠷᠥᠯ ᠵᠦᠶᠯ ᠢ ᠬᠤᠰᠢᠭᠤᠴᠢᠯᠠᠨ ᠡᠭᠦᠳᠦᠨ ᠪᠠᠶᠢᠭᠤᠯᠵᠤ᠂ ᠦᠨᠳᠦᠰᠦᠨ ᠱᠠᠲᠤᠨ ᠤ | ᠨᠠᠮ ᠤᠨ ᠵᠣᠬᠢᠶᠠᠨ ᠪᠠᠶᠢᠭᠤᠯᠤᠯᠲᠠ ᠶᠢᠨ ᠣᠯᠠᠨ ᠲᠦᠮᠡᠨ ᠲᠠᠢ ᠬᠠᠷᠢᠯᠴᠠᠵᠤ ᠦᠶᠯᠡᠴᠢᠯᠡᠬᠦ ᠭᠦᠭᠦᠷᠭᠡ ᠬᠤᠯᠪᠣᠭᠠᠰᠣ | ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠵᠦ᠂ ᠣᠯᠠᠨ ᠲᠦᠮᠡᠨ ᠲᠠᠢ ᠬᠠᠷᠢᠯᠴᠠᠵᠤ ᠦᠶᠯᠡᠴᠢᠯᠡᠬᠦ ︽ᠡᠴᠦᠰ ᠤᠨ | ᠨᠢᠭᠡ ᠺᠢᠯᠣᠮᠧᠲᠷ︾ ᠢ ᠴᠢᠷᠮᠠᠶᠢᠨ ᠪᠠᠶᠠᠯᠡᠬᠦᠯᠣᠭ᠍ᠰᠡᠬᠡᠷ ᠢᠷᠠᠵᠠᠢ᠃ | ᠡᠭᠦᠨ ᠢᠶᠠᠷ ᠪᠠᠷᠠᠬᠤ ᠦᠭᠡᠢ ᠣᠯᠠᠨ ᠵᠢᠯ ᠤᠨ ᠲᠣᠷᠰᠢ ᠬᠤᠪᠢ ᠪᠠᠷ ᠢᠶᠠᠨ ᠬᠠᠶᠢᠷ᠎ᠡ ᠬᠠᠯᠠᠮᠵᠢ ᠶᠢᠨ | ᠠᠵᠢᠯᠯᠠᠭ᠎ᠠ ᠣᠯᠠᠨ ᠬᠢᠭᠰᠡᠨ ᠪᠠᠶᠠᠷᠳᠣ ᠨᠡᠩ ᠣᠯᠠᠨ ᠬᠦᠮᠣᠨ ᠳᠤ ᠬᠠᠶᠢᠷ᠎ᠡ ᠬᠠᠯᠠᠮᠵᠢ ᠬᠦᠷᠲᠡᠭᠡᠶ᠎ᠡ ᠬᠡᠪᠡᠯ ᠭᠠᠭᠴᠠ | ᠬᠦᠮᠦᠨ ᠤ ᠬᠦᠴᠣᠨ ᠳᠤ ᠲᠦᠰᠢᠭᠯᠡᠬᠡᠳ ᠪᠣᠯᠬᠤ ᠦᠬᠡᠢ ᠬᠡᠳᠡᠭ ᠢ ᠣᠶᠢᠯᠠᠭᠠᠬᠰᠠᠨ ᠠᠴᠠ ︽ᠲᠣᠯᠭ᠎ᠠ︾ ᠬᠠᠶᠢᠷ᠎ᠡ | ᠬᠠᠯᠠᠮᠵᠢ ᠶᠢᠨ ᠬᠤᠯᠪᠣᠭ᠎ᠠ ᠶᠢ ᠵᠣᠬᠢᠶᠠᠨ ᠪᠠᠶᠢᠭᠤᠯᠵᠣ᠂ ᠨᠡᠩ ᠣᠯᠠᠨ ᠬᠦᠮᠣᠨ ᠢ ᠣᠷᠢᠶᠠᠯᠠᠨ᠂ ᠭᠠᠭᠴᠠ ᠪᠡᠶ᠎ᠡ | ᠨᠠᠰᠣᠳᠠᠨ᠂ ᠵᠡᠮᠳᠡᠭ ᠪᠠᠭᠤᠷᠠᠢ ᠭᠦᠮᠦᠰ ᠢ ᠢᠳᠡᠪᠬᠢᠲᠡᠢ ᠪᠠᠷ ᠬᠠᠪᠰᠤᠷᠴᠤ᠂ ᠨᠡᠶᠢᠭᠡᠮ ᠤᠨ ᠡᠯ᠎ᠡ ᠡᠲᠡᠭᠡᠳ ᠤᠨ ᠬᠢᠨ ᠤ | ᠬᠦᠷᠢᠶᠡᠯᠡᠯ ᠪᠠ ᠰᠠᠶᠢᠨ ᠦᠨᠡᠯᠡᠯᠲᠡ ᠶᠢ ᠣᠯᠣᠬᠰᠠᠨ ᠪᠠᠶᠢᠨ᠎ᠠ᠃ | ᠬᠦᠪᠡᠬᠡᠳᠣ ᠰᠢᠷ᠎ᠡ ᠬᠤᠰᠢᠭᠤᠨ ᠤ ᠪᠣᠬᠳᠠ ᠶᠢᠨ ᠭᠤᠣᠯ ᠰᠣᠮᠣᠨ ᠤ ᠴᠠᠭᠠᠨ ᠲᠡᠷᠡᠰᠣ ᠭᠠᠴᠠᠭᠠᠨ ᠤ ᠨᠠᠮ | ᠤᠨ ᠡᠬᠦᠷ ᠤᠨ ᠱᠦᠵᠢ ᠭᠠᠴᠠᠭᠠᠨ ᠲᠠᠷᠤᠭ᠎ᠠ ᠲᠠᠪᠰᠢᠯᠳᠣ᠄ ︽ᠪᠡᠶᠡᠷᠳᠣ ᠪᠣᠯ ᠨᠠᠮ ᠤᠨ ᠬᠡᠰᠢᠬᠦᠨ᠂ 2015 ᠣᠨ | ᠳᠤ ︿ᠲᠣᠯᠭ᠎ᠠ﹀ ᠬᠠᠶᠢᠷ᠎ᠡ ᠬᠠᠯᠠᠮᠵᠢ ᠶᠢᠨ ᠬᠤᠯᠪᠣᠭ᠎ᠠ ᠶᠢ ᠡᠬᠦᠰᠬᠡᠨ ᠪᠠᠶᠢᠭᠤᠯᠵᠣ᠂ ᠮᠠᠨ ᠤ ᠭᠠᠴᠠᠭᠠᠨ ᠤ ᠪᠠᠨ | ᠠᠷᠪᠢᠨ ᠮᠠᠯᠴᠢᠨ ᠨᠠᠮ ᠤᠨ ᠬᠡᠰᠢᠬᠦᠨ ᠢ ᠲᠠᠶᠢᠴᠢᠯᠠᠨ ᠲᠠᠭᠠᠭᠤᠯᠵᠣ᠂ ᠨᠡᠶᠢᠬᠡᠮ ᠨᠡᠶᠢᠳᠠ ᠳᠤ ᠣᠯᠠᠨ ᠰᠠᠶᠢᠬᠠᠨ | ᠪᠣᠶᠠᠨᠰᠠᠭ ᠠᠵᠢᠯᠯᠠᠭ᠎ᠠ ᠦᠷᠨᠢᠬᠦᠯᠵᠣ ᠢᠷᠡᠭᠰᠠᠨ︾ ᠭᠡᠵᠦ ᠪᠠᠶᠢᠯ᠎ᠠ᠃ | ᠪᠠᠶᠠᠷᠲᠤ ︽ᠨᠠᠮ ᠤᠨ ᠡᠭᠦᠷ + ᠨᠠᠮ ᠤᠨ ᠭᠡᠰᠢᠭᠦᠨ ᠭᠤᠣᠯᠯᠠᠬᠤ ᠡᠷᠦᠬᠡ + ᠨᠡᠶᠢᠭᠡᠮᠯᠢᠭ + ᠰᠠᠶᠢᠨ ᠳᠤᠷ᠎ᠠ ᠶᠢᠨ | ᠦᠶᠯᠡᠴᠢᠯᠡᠭᠡ︾ ᠶᠢᠨ ᠠᠵᠢᠯ ᠤᠨ ᠵᠠᠭᠪᠤᠷ ᠢ ᠢᠳᠡᠪᠬᠢᠲᠡᠶ ᠰᠦᠪᠡᠭᠴᠢᠯᠡᠵᠣ᠂ ᠨᠠᠮ ᠤᠨ ᠭᠡᠰᠢᠭᠦᠨ ᠭᠤᠣᠯᠯᠠᠬᠤ | ᠡᠷᠦᠬᠡ ᠶᠢᠨ ᠲᠤᠰᠢᠶᠠᠯ ᠬᠠᠷᠢᠭᠤᠴᠠᠯᠭ᠎ᠠ ᠪᠣᠯᠤᠨ ︽ᠬᠠᠶᠢᠷ᠎ᠠ ᠬᠠᠯᠠᠮᠵᠢ ᠶᠢᠨ ᠬᠤᠯᠪᠣᠭᠠᠨ︾ ᠤ ᠨᠡᠶᠢᠲᠡ ᠶᠢᠨ | ᠠᠰᠠᠷᠠᠮᠵᠢ ᠶᠢᠨ ᠬᠠᠪᠰᠤᠷᠤᠨ ᠲᠡᠳᠬᠦᠬᠦ ᠠᠵᠢᠯ ᠢ ᠬᠢᠵᠣ᠂ ᠰᠠᠶᠢᠨ ᠳᠤᠷ᠎ᠠ ᠶᠢᠨ ᠦᠶᠯᠡᠴᠢᠯᠡᠭᠡ ᠶᠢ ᠣᠷᠭᠠᠨᠢᠭ ᠢᠶᠠᠷ | ᠠᠭᠤᠰᠤᠯᠴᠠᠭᠤᠯᠬᠤ᠂ ᠲᠥᠷᠥ ᠶᠢᠨ ᠪᠣᠳᠣᠯᠭ᠎ᠠ ᠣᠨᠣᠯ ᠢ ᠤᠬᠠᠭᠤᠯᠤᠨ ᠲᠠᠶᠢᠯᠪᠤᠷᠢᠯᠠᠬᠤ ᠶᠢ ᠢᠳᠡᠪᠬᠢᠲᠡᠶ ᠦᠷᠨᠢᠬᠦᠯᠬᠦ | ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠣᠷᠴᠢᠨ | ᠲᠣᠭᠤᠷᠢᠨ ᠤ ᠴᠡᠭᠴᠡᠯᠡᠨ ᠵᠠᠰᠠᠯᠲᠠ᠂ ᠠᠯᠪᠠᠨ ᠵᠢᠷᠤᠮ ᠤᠨ ᠮᠣᠳᠣ ᠲᠠᠷᠢᠬᠤ᠂ ᠠᠮᠢᠳᠣᠷᠠᠯ ᠬᠦᠴᠢᠷᠳᠡᠯᠲᠠᠢ | ᠰᠣᠷᠣᠬᠴᠢ ᠶᠢ ᠲᠡᠳᠬᠦᠬᠦ᠂ ᠵᠡᠮᠳᠡᠭᠴᠦᠳ ᠢ ᠲᠤᠰᠠᠯᠠᠬᠤ ᠵᠡᠷᠭᠡ ᠡᠯ᠎ᠡ ᠵᠦᠢᠯ ᠤᠨ ᠦᠢᠯᠡᠴᠢᠯᠡᠭᠡᠨ ᠤ ᠠᠵᠢᠯᠯᠠᠭ᠎ᠠ | 160 ᠭᠠᠷᠤᠢ ᠤᠳᠠᠭ᠎ᠠ ᠦᠷᠨᠢᠭᠦᠯᠵᠦ᠂ 30 ᠭᠠᠷᠤᠶ ᠠᠮᠢᠳᠣᠷᠠᠯ ᠨᠢ ᠬᠦᠴᠢᠷᠳᠡᠯᠲᠠᠢ ᠰᠣᠷᠣᠬᠴᠢ ᠳᠤ 2 ᠲᠦᠮᠡ | ᠭᠠᠷᠣᠢ ᠲᠥᠭᠦᠷᠢᠭ ᠤᠨ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠣᠯᠭᠤᠨ᠂ ᠡᠯ᠎ᠡ ᠲᠥᠷᠥᠯ ᠤᠨ ᠬᠠᠶᠢᠷ᠎ᠠ | ᠬᠠᠯᠠᠮᠵᠢ ᠶᠢᠨ ᠲᠤᠰᠠᠯᠠᠮᠵᠢ ᠶᠢᠨ ᠪᠠᠯᠠ ᠮᠥᠩᠭᠦ ᠶᠢ 30 ᠭᠠᠷᠤᠶ ᠲᠦᠮᠡᠨ ᠲᠥᠭᠦᠷᠢᠭ ᠴᠣᠬᠯᠠᠭᠤᠯᠣᠨ᠂ 5000 | ᠢᠯᠡᠭᠦᠦ ᠬᠥᠮᠦᠨ ᠳᠤ ᠠᠰᠢᠭ ᠬᠦᠷᠳᠡᠬᠡᠵᠠᠢ᠃ | ᠪᠠᠶᠠᠷᠲᠤ ᠨᠠᠮ ᠤᠨ ᠬᠡᠰᠢᠬᠦᠨ ᠭᠤᠣᠯᠯᠠᠬᠤ ᠡᠷᠣᠬᠡ ᠪᠣᠯᠣᠬᠰᠠᠨ ᠤ ᠬᠤᠪᠢ ᠳᠤ ᠲᠣᠰᠢᠶᠠᠯ ᠳᠠᠭᠠᠨ ᠦᠨᠡᠨᠴᠢ | ᠰᠢᠳᠣᠷᠭᠤ᠂ ᠬᠠᠷᠠᠮ ᠦᠭᠡᠢ ᠵᠢᠳᠭᠦᠭᠦ ᠵᠣᠷᠢᠭ ᠰᠠᠨᠠᠭ᠎ᠠ ᠪᠠᠷ ᠡᠬᠦᠷᠬᠡ ᠬᠠᠷᠢᠭᠤᠴᠠᠯᠭ᠎ᠠ ᠪᠠᠨ ᠦᠨᠡᠨᠴᠢ ᠪᠠᠷ | ᠪᠠᠶᠠᠯᠠᠬᠦᠯᠵᠣ᠂ ᠣᠯᠠᠨ ᠲᠦᠮᠡᠨ ᠪᠣᠯᠣᠨ ᠨᠠᠮ ᠵᠠᠰᠠᠭ ᠤᠨ ᠢᠶᠠᠨ ᠦᠨᠳᠦᠷ ᠦᠨᠡᠯᠡᠯᠳᠡ ᠶᠢ ᠭᠦᠷᠳᠡᠵᠦ᠂ ᠪᠥᠬᠦ | ᠤᠯᠤᠰ ᠤᠨ ︽ᠲᠠᠪᠤᠨ ᠰᠠᠶᠢᠨᠲᠠᠶ ᠬᠡᠷ ᠪᠦᠯᠢ︾᠂ ︽ᠬᠠᠮᠤᠭ ᠭᠤᠶᠣ ᠬᠡᠷ ᠪᠦᠯᠢ︾᠂ ᠥᠪᠡᠷᠲᠡᠭᠡᠨ ᠵᠠᠰᠠᠬᠤ | ᠣᠷᠣᠨ ᠤ ᠲᠠᠰ ᠤᠨ ᠵᠢᠱᠢᠶ᠎ᠡ ᠦᠵᠡᠭᠦᠯᠬᠦ ︽ᠮᠠᠯᠴᠢᠨ ᠠᠶᠢᠯ ᠵᠣᠰᠠᠯᠠᠩ︾ ᠵᠡᠷᠭᠡ ᠣᠯᠠᠨ ᠢᠷᠠᠭᠤ ᠠᠯᠳᠠᠷ ᠢᠶᠠᠷ | ᠡᠩᠭᠡᠷ ᠢᠶᠠᠨ ᠮᠢᠯᠢᠶᠠᠯᠭᠠᠵᠤ ᠶᠠᠪᠣᠨ᠎ᠠ᠃ |