锡林郭勒盟365娱乐场奖金_365速发国际welcome_365游戏厅网页登录 365娱乐场奖金_365速发国际welcome_365游戏厅网页登录

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

         
        ᠴᠢᠨᠠᠷ ᠰᠠᠶᠢᠲᠠᠢ ᠬᠦᠭᠵᠢᠭᠡ ᠴᠠᠬᠠᠷ ᠬᠤᠨᠢᠨ ᠤ ᠠᠵᠤ ᠦᠢᠯᠡᠰ
        ᠨᠡᠶᠢᠲᠡᠯᠡᠭᠰᠡᠨ ᠴᠠᠭ᠄
        2022/8/17
              ᠬᠦᠪᠡᠬᠡᠳᠣ ᠰᠢᠷ᠎ᠡ ᠬᠤᠰᠢᠭᠤ ᠨᠢ ᠣᠷᠣᠨ ᠨᠣᠳᠤᠭ ᠤᠨ ᠪᠣᠳᠠᠳᠣ ᠪᠠᠶᠢᠳᠠᠯ ᠳᠠᠭᠠᠨ ᠵᠣᠬᠢᠴᠠᠭᠤᠯᠣᠨ᠂ ᠮᠢᠬ᠎ᠠ ᠨᠣᠣᠰᠣᠨ ᠤ ᠬᠤᠣᠰ ᠬᠡᠷᠡᠭᠴᠡᠬᠡᠳᠣ ︽ᠴᠠᠬᠠᠷ ᠬᠤᠨᠢ︾ ᠶᠢ ᠰᠣᠩᠭᠤᠨ ᠪᠣᠶᠢᠵᠢᠭᠤᠯᠵᠣ᠂2014 ᠣᠨ ᠳᠤ ᠴᠠᠬᠠᠷ ᠬᠤᠨᠢ  ᠨᠢ ᠣᠯᠣᠰ ᠤᠨ ᠬᠢᠨᠠᠨ ᠲᠣᠬᠳᠠᠭᠠᠯᠳᠠ ᠶᠢ ᠦᠩᠬᠡᠷᠡᠬᠡᠵᠣ᠂ ᠣᠳᠣ ᠪᠣᠯᠬᠤ ᠳᠤ ᠪᠦᠬᠦ ᠬᠤᠰᠢᠭᠤᠨ ᠤ ᠬᠡᠪᠴᠢᠶᠠᠨ ᠳᠤ 21.5 ᠲᠦᠮᠡᠨ ᠴᠠᠬᠠᠷ ᠬᠤᠨᠢ᠂ 206 ᠴᠠᠬᠠᠷ ᠬᠤᠨᠢᠨ ᠤ ᠭᠤᠣᠯᠳᠠᠯᠭᠠᠳᠣ ᠰᠦᠷᠣᠭ᠌ ᠪᠣᠶᠢᠵᠢᠭᠤᠯᠣᠬᠰᠠᠨ ᠡᠷᠣᠬᠡ ᠲᠠᠢ ᠪᠣᠯᠵᠣ᠂ ᠪᠦᠬᠦ ᠬᠤᠰᠢᠭᠤᠨ ᠤ ᠮᠠᠯ ᠠᠵᠣ ᠠᠬᠤᠢ ᠶᠢᠨ ᠴᠢᠨᠡᠷ ᠰᠠᠶᠢᠲᠠᠢ ᠬᠦᠭᠵᠢᠯᠳᠠ ᠶᠢ ᠠᠬᠢᠭᠤᠯᠣᠬᠰᠠᠨ ᠪᠠᠶᠢᠨ᠎ᠠ᠃           ᠡᠳᠡᠭᠡᠷ ᠤᠯᠠᠨ ᠴᠠᠬᠠᠷ ᠬᠤᠨᠢᠨ ᠤ ᠭᠤᠣᠯᠳᠠᠯᠭᠠᠳᠣ ᠰᠦᠷᠣᠭ᠌ ᠪᠣᠶᠢᠵᠢᠭᠤᠯᠣᠬᠰᠠᠨ ᠡᠷᠣᠬᠡ ᠶᠢᠨ ᠨᠢᠭᠡᠨ ᠪᠤᠯᠬᠤ ᠬᠦᠪᠡᠬᠡᠳᠣ ᠰᠢᠷ᠎ᠡ ᠬᠤᠰᠢᠭᠤᠨ ᠤ ᠪᠣᠬᠳᠠ ᠶᠢᠨ ᠭᠤᠣᠯ ᠰᠣᠮᠣᠨ ᠤ ᠪᠠᠶᠠᠨᠴᠠᠭᠠᠨ ᠭᠠᠴᠠᠭᠠᠨ ᠤ ᠮᠠᠯᠴᠢᠨ ᠪᠠᠳᠣᠨᠠᠰᠣᠨ ᠪᠤᠯ ᠠᠷᠪᠠᠨ ᠬᠡᠳᠣᠨ ᠵᠢᠯ ᠤᠨ ᠲᠣᠷᠰᠢ ᠴᠡᠬᠠᠷ ᠬᠤᠨᠢ ᠮᠠᠯᠵᠢᠨ᠂ ᠴᠠᠬᠠᠷ ᠬᠤᠨᠢ ᠰᠣᠩᠭᠤᠨ ᠪᠣᠶᠢᠵᠢᠭᠤᠯᠬᠤ᠂ ᠰᠦᠷᠣᠭ᠌ ᠤᠨ ᠪᠦᠳᠣᠴᠡ ᠪᠠᠨ ᠰᠢᠯᠢᠳᠡᠭᠵᠢᠬᠦᠯᠬᠦ ᠵᠡᠷᠬᠡ ᠠᠵᠢᠯ ᠢ ᠢᠳᠡᠪᠬᠢᠲᠠᠢ ᠬᠢᠭᠰᠡᠨ ᠢᠶᠠᠷ ᠲᠡᠭᠦᠨ ᠤ ᠬᠤᠨᠢᠨ ᠰᠦᠷᠦᠭ ᠤᠨ ᠪᠣᠳᠠᠭᠠᠯᠢ ᠪᠡᠶ᠎ᠡ ᠶᠢᠨ ᠶᠠᠰᠤ ᠴᠢᠨᠠᠷ ᠪᠠ ᠰᠦᠷᠦᠭ ᠤᠨ ᠪᠦᠳᠦᠴᠡ ᠶᠢᠨ ᠲᠣᠭᠢᠷᠠᠭᠤᠯᠣᠯᠳᠠ ᠢᠯᠡᠳᠲᠡ ᠰᠠᠶᠢᠵᠢᠷᠠᠵᠤ᠂ ᠬᠤᠰᠢᠭᠤᠨ ᠤ  ᠪᠠᠨ ᠮᠢᠬ᠎ᠠ ᠨᠣᠣᠰᠣᠨ ᠤ ᠬᠤᠣᠰ ᠬᠡᠷᠡᠭᠴᠡᠬᠡᠳᠣ ᠬᠤᠨᠢᠨ ᠤ ᠡᠬᠦᠯᠳᠡᠷ ᠰᠠᠶᠢᠵᠢᠷᠠᠭᠤᠯᠬᠤ ᠠᠵᠢᠯ ᠲᠡᠬᠡᠷ᠎ᠡ ᠲᠠᠭᠠᠭᠤᠯᠣᠬᠴᠢ ᠦᠢᠯᠡᠳᠣᠯ ᠦᠵᠡᠬᠦᠯᠣᠭ᠍ᠰᠠᠨ ᠵᠢᠱᠢᠶᠡᠴᠢ ᠪᠣᠯᠣᠬᠰᠠᠨ ᠪᠦᠬᠡᠳ  ︽ᠴᠠᠬᠠᠷ ᠬᠤᠨᠢᠨ ᠤ ᠲᠤᠰᠬᠠᠶ ᠡᠷᠦᠬᠡ︾᠂ ︽ᠴᠠᠬᠠᠷ ᠬᠤᠨᠢᠨ ᠤ ᠭᠤᠣᠯᠳᠠᠯᠭᠠᠳᠣ ᠰᠦᠷᠣᠭ᠌ ᠪᠣᠶᠢᠵᠢᠭᠤᠯᠣᠬᠰᠠᠨ ᠡᠷᠣᠬᠡ︾᠂ ︽ᠦᠷ᠎ᠡ ᠶᠢᠨ ᠮᠠᠯ ᠪᠣᠶᠢᠵᠢᠭᠤᠯᠬᠤ ᠲᠤᠰᠬᠠᠶ ᠡᠷᠦᠬᠡ︾ ᠪᠣᠯᠣᠬᠰᠠᠨ ᠪᠠᠶᠢᠨ᠎ᠠ᠃ ᠣᠷᠴᠢᠮᠬᠠᠨ ᠪᠣᠯᠣᠬᠰᠠᠨ ᠰᠢᠯᠢ ᠶᠢᠨ ᠭᠤᠣᠯ ᠠᠶᠢᠮᠠᠭ ᠤᠨ 17 ᠳ᠋ᠣᠭᠠᠷ ᠬᠤᠭᠤᠴᠠᠭᠠᠨ ᠤ ᠦᠨᠢᠷ ᠰᠦᠷᠣᠭ᠌ ᠤᠨ ᠰᠢᠯᠭᠠᠷᠠᠭᠤᠯᠣᠯᠳᠠ ᠳᠤ ᠲᠡᠭᠦᠨ ᠤ ᠴᠠᠬᠠᠷ ᠰᠢᠳᠣᠯᠡᠩ ᠬᠤᠴᠠ ᠨᠢ ᠨᠢᠬᠡᠳᠣᠬᠡᠷ ᠲᠡᠰ᠂ ᠴᠠᠬᠠᠷ ᠵᠣᠰᠠᠭ  ᠨᠢ ᠭᠤᠷᠪᠠᠳᠣᠭᠠᠷ ᠲᠡᠰ ᠲᠤ ᠰᠢᠯᠭᠠᠷᠠᠵᠠᠢ᠃ ︽ᠮᠠᠨ ᠤ ᠠᠪᠤ ᠡᠵᠢ ᠮᠢᠷᠧᠨᠣᠰ ᠬᠤᠨᠢ ᠮᠠᠯᠵᠢᠵᠣ ᠪᠠᠶᠢᠬᠰᠠᠨ᠂ ᠲᠡᠷᠡ ᠰᠠᠭᠤᠷᠢᠨ ᠲᠡᠬᠡᠷ᠎ᠡ ᠳ᠋ᠧᠮᠡᠢ ᠬᠡᠬᠦ ᠡᠬᠦᠯᠳᠡᠷ ᠢ ᠣᠷᠣᠭᠤᠯᠣᠭᠠᠳ᠂ 2010 ᠣᠨ ᠠᠴᠠ ᠭᠠᠷ ᠬᠡᠬᠡᠯᠳᠣᠬᠦᠯᠬᠡ ᠬᠢᠵᠦ᠂ 2014 ᠣᠨ ᠳᠤ ᠴᠠᠬᠠᠷ ᠬᠤᠨᠢ ᠬᠡᠵᠣ ᠨᠡᠷᠡᠶᠢᠳᠣᠭ᠍ᠳᠡᠭᠰᠠᠨ᠂ ᠨᠠᠷᠡᠶᠢᠳᠣᠭ᠍ᠳᠡᠭᠰᠠᠨ ᠤ ᠳᠠᠷᠠᠭ᠎ᠠ ᠠᠶᠢᠮᠠᠭ ᠤᠨ ᠣᠷᠣᠯᠳᠣᠭᠠᠨ ᠳᠤ ᠣᠴᠢᠵᠣ ᠲᠡᠷᠢᠬᠦᠨ ᠱᠠᠩᠨᠠᠯ ᠠᠪᠴᠣ ᠪᠠᠶᠢᠯ᠎ᠠ︾ ᠭᠡᠵᠦ ᠬᠦᠪᠡᠬᠡᠳᠣ ᠰᠢᠷ᠎ᠡ ᠬᠤᠰᠢᠭᠤᠨ ᠤ ᠪᠣᠬᠳᠠ ᠶᠢᠨ ᠭᠤᠣᠯ ᠰᠣᠮᠣᠨ ᠤ ᠪᠠᠶᠠᠨᠴᠠᠭᠠᠨ ᠭᠠᠴᠠᠭᠠᠨ ᠤ ᠮᠠᠯᠴᠢᠨ ᠪᠠᠳᠣᠨᠠᠰᠣᠨ ᠮᠠᠯᠵᠢᠯ ᠤᠨ ᠠᠷᠭ᠎ᠠ ᠲᠤᠷᠰᠢᠯᠭ᠎ᠠ ᠪᠠᠨ ᠳᠦᠭᠦᠮ ᠶᠠᠷᠢᠯ᠎ᠠ᠃         ᠴᠠᠬᠠᠷ ᠬᠤᠨᠢᠨ ᠤ ᠨᠡᠷ᠎ᠡ ᠠᠯᠳᠠᠷᠰᠢᠯ ᠲᠠᠰᠤᠷᠠᠯᠲᠠ ᠥᠬᠡᠶ ᠳᠡᠭᠡᠭᠰᠢᠯᠡᠬᠦ ᠶᠢ ᠳᠠᠭᠠᠯᠳᠤᠨ᠂ ᠪᠠᠲᠤᠨᠠᠰᠤᠨ ᠮᠡᠲᠦ ᠶᠢᠨ ᠴᠠᠬᠠᠷ ᠬᠤᠨᠢ ᠮᠠᠯᠵᠢᠵᠦ ᠪᠠᠶᠢᠭ᠎ᠠ ᠲᠤᠰᠬᠠᠶ ᠡᠷᠦᠬᠡ ᠶᠢᠨ ᠮᠠᠯ ᠰᠦᠷᠦᠭ ᠤᠨ ᠵᠠᠬ᠎ᠠ ᠳᠡᠯᠭᠡᠭᠦᠷ ᠳᠠᠬᠢ ᠬᠠᠩᠭᠠᠯᠭ᠎ᠠ ᠨᠢ ᠬᠡᠷᠡᠭᠴᠡᠭᠡ ᠳᠡᠭᠡᠨ ᠬᠥᠷᠬᠦ ᠥᠬᠡᠶ ᠪᠤᠯᠤᠭᠰᠠᠨ ᠢᠶᠠᠷ ᠦᠯᠦ ᠪᠠᠷᠠᠮ ᠤᠶᠢᠷ᠎ᠠ ᠶᠢᠨ ᠵᠢᠯ ᠠᠴᠠ ᠰᠢᠨᠵᠢᠶᠠᠩ᠂ ᠭᠠᠨᠰᠦ᠂ ᠥᠪᠥᠷ ᠮᠣᠩᠭᠤᠯ ᠤᠨ ᠪᠤᠰᠤᠳ ᠭᠠᠵᠠᠷ ᠤᠨ ᠬᠤᠨᠢ ᠲᠡᠵᠢᠭᠡᠨ ᠦᠷᠡᠵᠢᠭᠦᠯᠬᠦ ᠲᠤᠰᠬᠠᠶ ᠬᠤᠷᠰᠢᠶ᠎ᠠ ᠪᠣᠯᠤᠨ ᠮᠠᠯᠴᠢᠳ ᠣᠯᠠᠨ ᠤᠳᠠᠭ᠎ᠠ ᠬᠦᠪᠡᠭᠡᠲᠦ ᠰᠢᠷ᠎ᠠ ᠬᠤᠰᠢᠭᠤᠨ ᠤ ᠴᠠᠬᠠᠷ ᠬᠤᠨᠢ ᠮᠠᠯᠵᠢᠵᠤ ᠪᠠᠶᠢᠭ᠎ᠠ ᠠᠷᠭ᠎ᠠ ᠲᠤᠷᠰᠢᠯᠭ᠎ᠠ ᠶᠢ ᠲᠣᠭᠤᠷᠢᠨ ᠦᠵᠡᠵᠦ ᠰᠣᠷᠣᠯᠴᠠᠬᠤ ᠶᠢᠨ ᠬᠠᠮᠳᠣ ᠴᠠᠬᠠᠷ ᠬᠤᠨᠢ ᠶᠢ ᠨᠢ ᠦᠨ᠎ᠡ ᠬᠠᠶᠠᠯᠴᠡᠠ ᠬᠤᠳᠠᠯᠳᠣᠨ ᠠᠪᠳᠠᠭ ᠢᠶᠠᠷ ᠴᠠᠬᠠᠷ ᠬᠤᠨᠢᠨ ᠤ ᠵᠠᠬ᠎ᠠ ᠳᠡᠯᠭᠡᠭᠦᠷ ᠤᠨ ᠪᠤᠷᠤᠯᠠᠭᠤᠯᠭ᠎ᠠ ᠡᠳᠦᠷ ᠢᠷᠡᠬᠦᠶ᠎ᠡ ᠰᠠᠶᠢᠵᠢᠷᠠᠭᠰᠠᠨ ᠠᠴᠠ ᠲᠡᠵᠢᠭᠡᠨ ᠦᠷᠡᠵᠢᠭᠦᠯᠬᠦ ᠦᠷ᠎ᠡ ᠠᠰᠢᠭ ᠨᠢ ᠵᠢᠯ ᠳᠠᠷᠠᠭᠠᠯᠠᠨ ᠳᠡᠭᠡᠭᠰᠢᠯᠡᠭᠰᠡᠨ ᠠᠴᠠ 2012 ᠣᠨ ᠳᠤ᠂ ᠦᠪᠡᠷᠳᠡᠭᠡᠨ ᠵᠠᠰᠠᠬᠤ ᠣᠷᠣᠨ ᠤ ᠲᠡᠷᠢᠶᠠᠯᠠᠩ ᠮᠠᠯ ᠠᠵᠣ ᠠᠬᠤᠢ  ᠶᠢᠨ ᠲᠢᠩᠬᠢᠮ ᠠᠴᠠ ︽ᠴᠠᠬᠠᠷ ᠬᠤᠨᠢᠨ ᠤ ᠡᠬᠦᠯᠳᠡᠷ ᠤᠨ ᠪᠠᠷᠢᠮᠵᠢᠶ᠎ᠠ︾ ᠶᠢ ᠬᠢᠨᠡᠨ ᠨᠣᠳᠠᠯᠠᠬᠰᠠᠨ ᠰᠠᠭᠤᠷᠢᠨ ᠲᠡᠬᠡᠷ᠎ᠡ᠂ 2014 ᠣᠨ ᠳᠤ ᠣᠯᠣᠰ ᠤᠨ ᠬᠦᠳᠡᠭᠡ ᠠᠵᠣ ᠠᠬᠤᠢ ᠶᠢᠨ ᠶᠠᠮᠣᠨ ᠤ ᠰᠢᠨ᠎ᠠ ᠡᠬᠦᠯᠳᠡᠷ ᠢᠶᠠᠷ ᠵᠢᠩᠬᠢᠨᠢ ᠨᠡᠷᠡᠶᠢᠳᠦᠭᠳᠡᠵᠦ᠂ 2016 ᠣᠨ ᠳᠤ ︽ᠴᠠᠬᠠᠷ︾ ᠬᠤᠨᠢ ᠨᠢ ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠳᠣ ᠲᠠᠸᠡᠷ ᠤᠨ ᠲᠡᠮᠳᠡᠭ ᠤᠨ ᠨᠡᠷᠡᠰ ᠤᠨ ᠪᠦᠷᠢᠳᠬᠡᠯ ᠳᠤ ᠵᠢᠬᠰᠠᠭᠠᠬᠳᠠᠵᠠᠢ᠃         ᠬᠦᠪᠡᠬᠡᠳᠣ ᠰᠢᠷ᠎ᠡ ᠬᠤᠰᠢᠭᠤ ᠨᠢ ᠨᠡᠷᠡᠲᠦ ᠲᠡᠮᠳᠡᠭ ᠤᠨ ᠳᠠᠪᠠᠭᠤᠯᠢᠭ ᠪᠠᠨ ᠠᠰᠢᠬᠯᠠᠨ᠂ ᠴᠠᠬᠠᠷ ᠬᠤᠨᠢᠨ ᠤ ᠡᠭᠦᠯᠳᠡᠷ ᠢ ᠪᠤᠶᠢᠵᠢᠭᠤᠯᠬᠤ ᠢᠨᠵᠧᠨᠧᠷᠢᠩ ᠢ ᠭᠦᠴᠦᠳᠡᠢ ᠭᠡᠷᠡᠭᠵᠢᠭᠦᠯᠵᠦ᠂ ᠴᠠᠬᠠᠷ ᠬᠤᠨᠢᠨ ᠤ ᠡᠬᠦᠯᠳᠡᠷ ᠢ ᠰᠤᠩᠭᠤᠨ ᠪᠤᠶᠢᠵᠢᠭᠤᠯᠬᠤ᠂ ᠰᠢᠯᠢᠳᠡᠭ ᠡᠭᠦᠯᠳᠡᠷ ᠤᠨ ᠮᠠᠯ ᠣᠷᠣᠭᠤᠯᠬᠤ ᠪᠠ ᠭᠠᠷ ᠭᠡᠭᠡᠯᠳᠦᠭᠦᠯᠭᠡ ᠭᠢᠭᠦ᠂ ᠴᠠᠬᠠᠷ ᠬᠤᠨᠢᠨ ᠤ ᠠᠳᠠᠯᠢᠳᠬᠠᠨ ᠰᠢᠯᠭᠠᠷᠠᠭᠤᠯᠣᠯᠳᠠ᠂ ᠠᠬᠤᠶ ᠲᠠᠯᠠᠪᠠᠶ ᠶᠢᠨ ᠦᠵᠡᠭᠦᠯᠦᠯᠭᠡ ᠵᠡᠷᠭᠡ ᠠᠯᠢ ᠤᠯᠠᠨ ᠠᠵᠢᠯᠯᠠᠭ᠎ᠠ ᠶᠢ ᠢᠳᠡᠪᠬᠢᠲᠡᠶ ᠡᠷᠬᠢᠯᠡᠬᠦ ᠶᠢᠨ ᠬᠠᠮᠲᠤ ᠮᠠᠯᠴᠢᠳ ᠢ ᠵᠣᠬᠢᠶᠠᠨ ᠪᠠᠶᠢᠭᠤᠯᠤᠨ ᠡᠯ᠎ᠡ ᠲᠥᠷᠥᠯ ᠤᠨ ᠳᠡᠯᠭᠡᠨ ᠦᠵᠡᠬᠦᠯᠣᠯᠬᠡ᠂ ᠳᠡᠯᠭᠡᠨ ᠪᠣᠷᠣᠯᠠᠭᠤᠯᠭ᠎ᠠ ᠳᠤ ᠣᠷᠣᠯᠴᠠᠭᠤᠯᠵᠤ᠂ ᠴᠠᠬᠠᠷ ᠬᠤᠨᠢ ᠶᠢᠨ ᠨᠡᠷ᠎ᠡ ᠠᠯᠳᠠᠷ ᠢ ᠤᠯᠠᠮ ᠢᠶᠠᠷ ᠥᠷᠭᠡᠳᠬᠡᠵᠦ᠂ ᠥᠷᠭᠡᠨ ᠣᠯᠠᠨ ᠮᠠᠯᠴᠢᠳ ᠤᠨ ᠴᠠᠬᠠᠷ ᠬᠤᠨᠢ ᠮᠠᠯᠵᠢᠬᠤ ᠢᠳᠡᠪᠬᠢᠵᠢᠯ ᠢ ᠨᠡᠩ ᠰᠠᠶᠢᠨ ᠳᠠᠶᠢᠴᠢᠯᠠᠵᠠᠢ᠃ ᠬᠦᠪᠡᠬᠡᠳᠣ ᠰᠢᠷ᠎ᠡ ᠬᠤᠰᠢᠭᠤᠨ ᠤ ᠮᠠᠯ ᠠᠵᠣ ᠠᠬᠤᠢ ᠶᠢᠨ ᠠᠵᠢᠯᠯᠠᠬᠤ ᠦᠷᠳᠡᠬᠡᠨ ᠲᠠᠷᠤᠭ᠎ᠠ ᠰᠠᠷᠠᠨᠬᠤᠸᠡᠷ᠄ ︽ᠮᠠᠨ ᠤ ᠬᠤᠰᠢᠭᠤᠨ ᠤ ᠨᠠᠮ ᠤᠨ ᠬᠤᠷᠢᠶ᠎ᠠ ᠵᠠᠰᠠᠭ  ᠤᠨ ᠣᠷᠳᠣᠨ ᠠᠴᠠ ᠴᠠᠬᠠᠷ ᠬᠤᠨᠢᠨ ᠤ ᠲᠤᠭ᠎ᠠ ᠲᠣᠯᠣᠭᠠᠢ ᠶᠢ ᠨᠡᠮᠡᠭᠳᠡᠬᠦᠯᠬᠦ᠂ ᠴᠠᠬᠠᠷ ᠬᠤᠨᠢᠨ ᠤ ᠴᠢᠨᠡᠷ ᠴᠢᠨᠰᠠᠭ᠎ᠠ ᠶᠢ ᠲᠡᠬᠡᠭᠰᠢᠯᠡᠬᠦᠯᠵᠣ᠂ ᠴᠠᠬᠠᠷ ᠬᠤᠨᠢᠨ ᠤ ᠨᠡᠷᠡᠳᠣ ᠲᠡᠮᠳᠡᠭ ᠶᠢ ᠠᠯᠳᠡᠷᠰᠢᠭᠤᠯᠬᠤ ᠡᠬᠦᠳᠡᠨ ᠠᠴᠠ ᠮᠠᠨ ᠤ ᠬᠤᠰᠢᠭᠤ ᠨᠢ ᠵᠢᠯ ᠲᠠᠷᠠᠭᠠᠯᠠᠨ ᠴᠠᠬᠠᠷ ᠬᠤᠨᠢᠨ ᠤ ᠨᠠᠶᠢᠷ ᠢ ᠬᠢᠵᠣ᠂ ᠠᠶᠢᠮᠠᠭ ᠤᠨ ᠦᠨᠢᠷ ᠰᠦᠷᠣᠭ᠌ ᠤᠨ ᠰᠢᠯᠭᠠᠷᠠᠭᠤᠯᠣᠯᠳᠠ ᠳᠤ ᠢᠳᠡᠪᠬᠢᠲᠠᠢ ᠣᠷᠣᠯᠴᠠᠵᠣ ᠪᠠᠶᠢᠨ᠎ᠠ︔ ᠨᠦᠬᠦᠪᠣᠷᠢ ᠶᠢᠨ ᠲᠠᠯ᠎ᠠ ᠪᠠᠷ ᠠᠪᠴᠣ ᠬᠡᠯᠡᠪᠡᠯ ᠮᠠᠨ ᠤ ᠬᠤᠴᠠᠨ ᠤ ᠨᠦᠬᠦᠪᠣᠷᠢ ᠶᠢ ᠭᠠᠳᠠᠭᠠᠳᠣ  ᠠᠴᠠ ᠣᠷᠣᠭᠤᠯᠣᠬᠰᠠᠨ ᠴᠡᠪᠡᠷ ᠡᠬᠦᠯᠳᠡᠷ ᠤᠨ ᠮᠠᠯ᠂ ᠦᠪᠡᠷᠳᠡᠬᠡᠨ ᠪᠣᠶᠢᠵᠢᠭᠤᠯᠣᠬᠰᠠᠨ ᠰᠢᠯᠢᠳᠡᠭ ᠦᠷ᠎ᠡ ᠶᠢᠨ ᠬᠤᠴᠠ  ᠳᠠᠭᠠᠨ ᠨᠦᠬᠦᠪᠣᠷᠢ ᠦᠭᠴᠣ᠂ ᠣᠯᠣᠰ᠂ ᠣᠷᠣᠨ᠂ ᠠᠶᠢᠮᠠᠭ᠂ ᠬᠤᠰᠢᠭᠤᠨ ᠤ ᠬᠡᠬᠦ ᠲᠦᠷᠪᠡᠨ ᠲᠠᠰ ᠪᠠᠷ ᠨᠢᠬᠡ ᠬᠤᠴᠠ ᠪᠦᠷᠢ  ᠳᠤ 800—1600 ᠲᠦᠬᠦᠷᠢᠭ ᠤᠨ ᠨᠦᠬᠦᠪᠣᠷᠢ ᠣᠯᠭᠤᠵᠣ ᠪᠠᠶᠢᠨ᠎ᠠ︔ ᠮᠠᠯᠴᠢᠨ ᠡᠷᠣᠬᠡ᠂ ᠭᠤᠣᠯᠳᠠᠯᠭᠠᠳᠣ ᠰᠦᠷᠣᠭ᠌  ᠤᠨ ᠡᠷᠣᠬᠡ ᠳᠤ ᠪᠠᠨ ᠭᠠᠷ ᠬᠡᠬᠡᠯᠳᠣᠬᠦᠯᠬᠡ ᠬᠢᠬᠦ ᠠᠵᠢᠯ ᠢ ᠶᠡᠬᠡᠪᠡᠷ ᠲᠦᠬᠡᠮᠡᠯᠵᠢᠬᠦᠯᠵᠣ᠂ ᠭᠠᠷ ᠬᠡᠬᠡᠯᠳᠣᠬᠦᠯᠬᠡ ᠤᠨ ᠪᠣᠯᠪᠠᠰᠣᠷᠠᠯ ᠢ ᠵᠢᠯ ᠲᠠᠷᠭᠠᠯᠠᠨ ᠬᠢᠵᠣ᠂ ᠪᠠᠰᠠ ᠴᠦ ᠮᠠᠯᠴᠢᠨ ᠡᠷᠣᠬᠡ ᠳᠤ ᠪᠠᠨ ᠭᠠᠷ ᠬᠡᠬᠡᠯᠳᠣᠬᠦᠯᠬᠡ ᠬᠢᠪᠡᠯ ᠨᠦᠬᠦᠪᠣᠷᠢ ᠣᠯᠭᠤᠬᠰᠠᠨ︔ ᠦᠷ᠎ᠡ ᠶᠢᠨ ᠮᠠᠯ ᠤᠨ ᠲᠠᠯᠠᠪᠠᠢ ᠳᠤ ᠪᠠᠨ ᠭᠠᠳᠠᠭᠠᠳᠣ ᠠᠴᠠ ᠴᠡᠪᠡᠷ ᠡᠬᠦᠯᠳᠡᠷ ᠤᠨ ᠦᠷ᠎ᠡ ᠶᠢᠨ ᠬᠤᠴᠠ ᠡᠬᠡ ᠮᠠᠯ ᠣᠷᠣᠭᠤᠯᠵᠣ ᠢᠷᠡᠬᠡᠳ᠂ ᠭᠤᠷᠪᠠᠨ ᠵᠢᠯ ᠲᠠᠷᠠᠭᠠᠯᠠᠨ ᠬᠦᠪᠣᠷᠠᠯ ᠰᠢᠯᠵᠢᠬᠦᠯᠬᠦ ᠠᠵᠢᠯ ᠢ ᠬᠢᠵᠣ ᠪᠠᠶᠢᠨ᠎ᠠ︾ ᠭᠡᠵᠦ ᠬᠦᠪᠡᠭᠡᠲᠦ ᠰᠢᠷ᠎ᠠ ᠬᠤᠰᠢᠭᠤᠨ ᠤ ᠴᠠᠬᠠᠷ ᠬᠤᠨᠢ ᠮᠠᠯᠵᠢᠵᠤ ᠪᠠᠶᠢᠭ᠎ᠠ ᠮᠠᠯᠵᠢᠬᠤ ᠡᠷᠦᠬᠡ ᠳᠤ ᠠᠪᠴᠤ ᠪᠠᠶᠢᠭ᠎ᠠ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢᠨ ᠲᠤᠬᠠᠢ ᠶᠠᠷᠢᠯ᠎ᠠ᠃       ᠴᠠᠬᠠᠷ ᠬᠤᠨᠢᠨ ᠮᠢᠬᠠᠨ ᠤ ᠠᠵᠤ ᠦᠢᠯᠡᠰ ᠤᠨ ᠬᠡᠯᠬᠢᠶᠡᠵᠢᠯ ᠤᠨ ᠮᠥᠷᠳᠡᠨ ᠨᠡᠭᠡᠮᠵᠢᠯᠡᠭᠦ ᠰᠢᠰᠲ᠋ᠧᠮ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠤ᠂ ︽ᠴᠠᠬᠠᠷ ᠬᠤᠨᠢᠨ ᠮᠢᠬ᠎ᠠ︾ ᠶᠢᠨ ᠨᠡᠷᠡᠲᠦ ᠲᠡᠮᠳᠡᠭ ᠤᠨ ᠳᠠᠪᠠᠭᠤᠯᠢᠭ ᠢ ᠪᠠᠳᠠᠷᠠᠭᠤᠯᠬᠤ ᠶᠢᠨ ᠲᠥᠯᠥᠭᠡ᠂ ᠬᠦᠪᠡᠬᠡᠳᠣ ᠰᠢᠷ᠎ᠡ ᠬᠤᠰᠢᠭᠤ 1500 ᠲᠦᠮᠡᠨ ᠲᠥᠭᠦᠷᠢᠭ ᠤᠨ ᠪᠡᠯᠡ ᠣᠷᠣᠭᠤᠯᠵᠤ᠂ ᠥᠪᠡᠷᠲᠡᠭᠡᠨ ᠵᠠᠰᠠᠬᠤ ᠣᠷᠣᠨ ᠤ ᠲᠡᠰ ᠤᠨ ᠴᠠᠬᠠᠷ ᠬᠤᠨᠢᠨ ᠤ ᠦᠷ᠎ᠡ ᠶᠢᠨ ᠮᠠᠯ ᠤᠨ ᠲᠠᠯᠠᠪᠠᠢ ᠶᠢ ᠪᠠᠶᠢᠭᠤᠯᠤᠨ᠂ ᠭᠤᠣᠯᠳᠠᠭᠤ ᠴᠠᠬᠠᠷ ᠬᠤᠨᠢ ᠰᠣᠩᠭᠤᠨ ᠪᠤᠶᠢᠵᠢᠭᠤᠯᠬᠤ᠂ ᠦᠷ᠎ᠡ ᠶᠢᠨ ᠮᠠᠯ ᠪᠣᠶᠢᠵᠢᠭᠤᠯᠬᠤ᠂ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠤ ᠰᠤᠳᠤᠯᠭᠠᠨ᠂ ᠮᠠᠯᠴᠢᠨ ᠲᠠᠷᠢᠶᠠᠴᠢᠨ ᠤ ᠪᠣᠯᠪᠠᠰᠤᠷᠠᠯ᠂ ᠵᠢᠱᠢᠶ᠎ᠡ ᠦᠵᠡᠭᠦᠯᠬᠦ ᠵᠢᠴᠢ ᠮᠠᠯᠴᠢᠳ ᠤᠨ ᠬᠡᠷᠡᠭᠯᠡᠭᠡᠨ ᠤ ᠮᠡᠷᠭᠡᠵᠢᠯ ᠢ ᠳᠡᠯᠭᠡᠷᠡᠭᠦᠯᠬᠦ ᠠᠵᠢᠯ ᠢ ᠥᠷᠨᠢᠭᠦᠯᠵᠦ᠂ ᠰᠢᠯᠢ ᠶᠢᠨ ᠭᠤᠣᠯ ᠠᠶᠢᠮᠠᠭ ᠤᠨ ᠡᠮᠦᠨᠡᠲᠦ ᠬᠡᠰᠡᠭ ᠤᠨ ᠴᠠᠬᠠᠷ ᠬᠤᠨᠢᠨ ᠤ ᠭᠠᠷᠤᠯᠲᠠ ᠶᠢᠨ ᠣᠷᠣᠨ ᠳᠤ ᠡᠭᠦᠯᠳᠡᠷ ᠤᠨ ᠮᠠᠯ ᠬᠠᠩᠭᠠᠬᠤ ᠡᠭᠦᠷᠭᠡ ᠶᠢ ᠡᠭᠦᠷᠭᠡᠯᠡᠵᠡᠢ᠃        ᠬᠥᠪᠡᠭᠡᠲᠦ ᠰᠢᠷ᠎ᠠ ᠬᠤᠰᠢᠭᠤ ᠴᠠᠬᠠᠷ ᠬᠤᠨᠢᠨ ᠤ ᠰᠢᠯᠢᠳᠡᠭ ᠡᠭᠦᠯᠳᠡᠷ ᠢ ᠪᠤᠶᠢᠵᠢᠭᠤᠯᠬᠤ ᠰᠢᠰᠲ᠋ᠧᠮ ᠤᠨ ᠪᠠᠶᠢᠭᠤᠯᠤᠯᠲᠠ ᠶᠢ ᠦᠷᠭᠦᠯᠵᠢᠯᠡᠨ ᠲᠦᠷᠭᠡᠳᠬᠡᠵᠦ᠂ ︽ᠦᠷ᠎ᠡ ᠶᠢᠨ ᠮᠠᠯ ᠤᠨ ᠲᠠᠯᠠᠪᠠᠢ + ᠲᠤᠰᠬᠠᠢ ᠬᠤᠷᠰᠢᠶᠠᠵᠢᠯ + ᠲᠤᠰᠬᠠᠢ ᠡᠷᠦᠬᠡ︾ ᠶᠢᠨ ᠦᠷᠡᠵᠢᠭᠦᠯᠦᠨ ᠪᠣᠶᠢᠵᠢᠭᠤᠯᠬᠤ ᠭᠡᠪ ᠵᠠᠬᠪᠣᠷ ᠢ ᠠᠯᠬᠤᠮ ᠠᠯᠬᠤᠮ ᠢᠶᠠᠷ ᠪᠦᠷᠢᠨᠰᠢᠬᠦᠯᠵᠣ᠂ ᠪᠤᠶᠢᠵᠢᠭᠤᠯᠬᠤ᠂ ᠦᠷᠡᠵᠢᠭᠦᠯᠬᠦ᠂ ᠳᠡᠯᠭᠡᠷᠡᠭᠦᠯᠭᠦ᠂ ᠬᠠᠮᠢᠶᠠᠷᠬᠤ᠂ ᠪᠣᠷᠣᠯᠠᠭᠤᠯᠬᠤ ᠶᠢ ᠨᠢᠭᠡ ᠴᠣᠭᠴᠠᠵᠢᠭᠤᠯᠤᠭᠰᠠᠨ ᠠᠵᠢᠯᠯᠠᠭᠠᠨ ᠤ ᠲᠣᠭᠲᠠᠴᠠ ᠶᠢ ᠪᠠᠶᠢᠭᠤᠯᠣᠬᠰᠠᠨ ᠪᠠᠶᠢᠨ᠎ᠠ᠃       ᠣᠳᠣ ᠪᠣᠯᠬᠤ ᠳᠤ᠂ ᠬᠥᠪᠡᠭᠡᠲᠦ ᠰᠢᠷ᠎ᠠ ᠬᠤᠰᠢᠭᠤᠨ  ᠤ ᠴᠠᠬᠠᠷ  ᠬᠤᠨᠢ 21.5 ᠲᠦᠮᠡ ᠳᠤ ᠬᠦᠷᠴᠦ᠂ ᠪᠥᠬᠦ ᠬᠤᠰᠢᠭᠤᠨ ᠤ ᠬᠤᠨᠢᠨ ᠤ ᠶᠡᠷᠦᠩᠬᠡᠶ ᠲᠣᠭᠠᠨ ᠤ 65% ᠶᠢ ᠡᠵᠡᠯᠡᠵᠣ᠂ ᠴᠠᠬᠠᠷ ᠬᠤᠨᠢᠨ ᠤ ᠭᠤᠣᠯᠳᠠᠯᠭᠠᠳᠣ ᠰᠦᠷᠣᠭ᠌ ᠪᠣᠶᠢᠵᠢᠭᠤᠯᠣᠬᠰᠠᠨ ᠡᠷᠣᠬᠡ 206᠂ ᠭᠤᠣᠯᠳᠠᠯᠭᠠᠳᠣ ᠰᠦᠷᠣᠭ᠌ ᠪᠣᠶᠢᠵᠢᠭᠤᠯᠣᠬᠰᠠᠨ ᠮᠠᠯᠵᠢᠬᠤ ᠡᠷᠦᠬᠡ ᠶᠢᠨ ᠰᠠᠭᠤᠷᠢ ᠡᠭᠡ ᠮᠠᠯ 2.8 ᠲᠦᠮᠡ ᠳᠤ ᠬᠦᠷᠣᠭ᠍ᠰᠠᠨ ᠪᠠᠶᠢᠨ᠎ᠠ᠃ ᠠᠶᠢᠮᠠᠭ ᠤᠨ ᠲᠠᠰ ᠠᠴᠠ ᠳᠡᠭᠡᠭᠰᠢᠬᠢ ᠦᠷ᠎ᠡ ᠶᠢᠨ ᠮᠠᠯ  ᠪᠣᠶᠢᠵᠢᠭᠤᠯᠬᠤ ᠵᠥᠪᠰᠢᠶᠡᠷᠡᠯ ᠤᠨ ᠦᠨᠡᠮᠯᠡᠯ ᠲᠠᠢ ᠦᠷ᠎ᠡ ᠶᠢᠨ ᠮᠠᠯ ᠤᠨ ᠲᠠᠯᠠᠪᠠᠶ 4᠂ ᠬᠤᠨᠢᠨ ᠤ ᠭᠠᠷ ᠬᠡᠭᠡᠯᠲᠦᠭᠦᠯᠭᠡ ᠶᠢᠨ ᠥᠷᠲᠡᠭᠡ 65᠂ ᠬᠤᠨᠢᠨ ᠤ ᠭᠠᠷ ᠬᠡᠭᠡᠯᠲᠦᠭᠦᠯᠭᠡ ᠶᠢᠨ ᠴᠡᠭ142 ᠪᠠᠶᠢᠵᠤ᠂ ᠵᠢᠯ ᠪᠦᠷᠢ 7 ᠲᠦᠮᠡᠨ ᠬᠤᠨᠢᠨ ᠳᠤ ᠭᠠᠷ ᠬᠡᠭᠡᠯᠲᠦᠭᠦᠯᠭᠡ ᠭᠢᠬᠦ ᠠᠵᠢᠯ ᠢ ᠪᠠᠶᠠᠯᠠᠬᠦᠯᠣᠭ᠍ᠰᠡᠬᠡᠷ ᠢᠷᠡᠵᠠᠢ᠃
         
        ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
         
         
        ᠬᠠᠮᠢᠶ᠎ᠡ ᠪᠦᠬᠦᠢ ᠰᠣᠨᠢᠨ
         
        ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号