7 ᠰᠠᠷ᠎ᠠ ᠶᠢᠨ 14 ᠤ ᠡᠳᠦᠷ᠂ ᠪᠠᠶᠠᠨᠲᠠᠯ᠎ᠠ ᠪᠠᠯᠭᠠᠰᠤᠨ ᠤ ᠣᠪᠤᠭᠠᠨ ᠭᠤᠣᠯ᠂ ᠰᠠᠶᠢᠨ ᠤᠰᠤ᠂ | ᠬᠦᠷᠳᠦᠨ ᠭᠤᠣᠯ᠂ ᠬᠥᠭᠡᠪᠥᠷ᠂ ᠰᠡᠭᠦᠵᠢ ᠶᠢᠨ ᠭᠤᠣᠯ ᠲᠠᠪᠤᠨ ᠭᠠᠴᠠᠭᠠᠨ ᠤ ᠲᠡᠮᠦᠷ ᠬᠡᠥᠬᠡᠨᠴᠤᠳ ᠨᠢ ︽ | ᠳᠠᠶᠢᠴᠢᠨ ᠨᠠᠮ ᠤᠨ ᠢᠶᠠᠨ ᠵᠠᠭᠤᠨ ᠵᠢᠯ ᠤᠨ ᠣᠢ ᠳᠤ ᠲᠡᠮᠦᠷ ᠬᠡᠥᠬᠡᠨᠴᠣᠳ ᠰᠡᠳᠬᠢᠯ ᠤᠨ ᠳᠠᠭᠤᠣ ᠪᠠᠨ ᠡᠷᠭᠦᠶ᠎ᠡ︾ | ᠭᠡᠬᠦ ᠲᠡᠮᠦᠷ ᠬᠡᠥᠬᠡᠨᠴᠤᠳ ᠤᠨ ᠬᠠᠮᠲᠣ ᠶᠢᠨ ᠴᠣᠭᠯᠠᠭᠠᠨ ᠢ ᠶᠠᠪᠣᠭᠳᠠᠭᠤᠯᠵᠠᠢ᠃ | ᠲᠣᠰ ᠣᠳᠠᠭᠠᠨ ᠤ ᠬᠠᠮᠲᠣ ᠶᠢᠨ ᠴᠣᠭᠯᠠᠭᠠᠨ ᠨᠢ ᠨᠠᠮ ᠤᠨ ᠬᠦᠮᠦᠵᠢᠯ ᠢᠶᠠᠷ ᠦᠰᠥᠨ ᠪᠤᠶᠢᠵᠢᠭᠰᠡᠨ ᠲᠡᠮᠦᠷ | ᠬᠡᠥᠬᠡᠨᠴᠤᠳ ᠠᠭᠤᠤ ᠨᠠᠮ ᠤᠨ ᠠᠴᠢ ᠭᠠᠪᠢᠶ᠎ᠠ ᠪᠠᠨ ᠮᠠᠭᠳᠠᠨ ᠲᠠᠭᠤᠯᠠᠵᠦ᠂ ᠨᠠᠮ ᠤᠨ ᠭᠡᠰᠢᠬᠦᠨ᠂ ᠵᠡᠮᠳᠡᠭ | ᠬᠦᠴᠢᠷᠳᠡᠯ ᠲᠠᠢ ᠲᠡᠮᠦᠷ ᠬᠡᠥᠬᠡᠨᠴᠤᠳ ᠢᠶᠠᠨ ᠲᠣᠰᠠᠯᠠᠵᠤ ᠳᠡᠮᠵᠢᠭᠰᠡᠨ ᠬᠠᠷᠢᠭᠤ ᠲᠠᠯᠠᠷᠬᠠᠯ ᠤᠨ ᠪᠡᠯᠡᠭ ᠵᠢᠴᠢ | ᠢᠷᠠᠭᠤ ᠠᠯᠳᠠᠷ ᠤᠨ ᠪᠡᠯᠡᠭ ᠪᠠ ᠨᠣᠮ ᠬᠦᠷᠭᠡᠬᠦ ᠵᠡᠷᠭᠡ ᠠᠵᠢᠯᠯᠠᠭ᠎ᠠ ᠶᠢ ᠶᠠᠪᠤᠭᠳᠠᠭᠤᠯᠤᠨ ︽ᠬᠦᠳᠡᠭᠡ ᠲᠠᠯ᠎ᠠ ᠳᠤ | ᠮᠦᠩᠬᠡ ᠶᠢᠨ ᠨᠠᠷᠠᠨ ᠮᠠᠨᠳᠣᠯ᠎ᠠ︾᠂ ︽ᠳᠠᠯᠠᠢ ᠶᠢᠨ ᠠᠶᠠᠯᠠᠯ ᠵᠠᠯᠠᠭᠤᠷᠴᠢᠨ ᠢᠶᠠᠨ ᠳᠦᠰᠢᠭᠯᠡᠨ᠎ᠡ︾᠂ ︽ᠳᠣᠷᠤᠨ᠎ᠠ | ᠵᠦᠭ ᠠᠴᠠ ᠨᠠᠷᠠ ᠮᠠᠨᠳᠣᠯ᠎ᠠ︾ ᠵᠡᠷᠭᠡ ᠳᠠᠭᠤᠤ ᠶᠢ ᠳᠠᠭᠤᠯᠠᠵᠤ᠂ ᠬᠠᠮᠲᠤ ᠶᠢᠨ ᠰᠡᠭᠦᠳᠡᠷ ᠠᠪᠴᠤ ᠳᠣᠷᠠᠰᠬᠠᠯ | ᠦᠯᠡᠳᠡᠭᠡᠵᠠᠢ᠃ | ᠲᠡᠮᠦᠷ ᠬᠡᠥᠬᠡᠨ ᠤᠶᠤᠨᠴᠢᠮᠡᠭ᠄《ᠵᠢᠷᠠ ᠳᠠᠯᠠᠭᠠᠳ ᠤᠨ ᠤ ᠥᠶ᠎ᠡ ᠳᠤ ᠨᠣᠲᠤᠭ ᠤᠷᠤᠨ ᠤ ᠪᠠᠨ ᠪᠦᠲᠥᠭᠡᠨ | ᠪᠠᠶᠢᠭᠤᠯᠤᠯᠲᠠ ᠶᠢᠨ ᠲᠥᠯᠦᠭᠡ ᠥᠪᠡᠷ ᠤᠨ ᠣᠷᠢ ᠵᠠᠯᠠᠭᠤ ᠨᠠᠰᠤ ᠪᠠᠨ ᠡᠷᠭᠦᠭᠰᠡᠨ᠂ 50 ᠵᠢᠯ ᠤᠨ ᠳᠠᠷᠠᠭᠠᠬᠢ | ᠥᠨᠦᠳᠦᠷ ᠥᠪᠡᠷ ᠤᠨ ᠢᠶᠠᠨ ᠵᠠᠯᠠᠭᠤ ᠥᠶ᠎ᠡ ᠶᠢᠨ ᠵᠤᠷᠢᠭ ᠰᠠᠨᠠᠭ᠎ᠠ ᠶᠢ ᠬᠤᠶᠢᠴᠢ ᠥᠶ᠎ᠡ ᠳᠤ ᠪᠠᠨ ᠦᠪᠯᠡᠨ | ᠵᠠᠯᠭᠠᠮᠵᠢᠯᠠᠬᠤ ᠪᠠ ᠬᠦᠳᠡᠯᠮᠦᠷᠢ ᠶᠢᠨ ᠭᠤᠶᠤ ᠰᠠᠶᠢᠬᠠᠨ᠂ ᠬᠦᠳᠡᠯᠮᠦᠷᠢ ᠶᠢᠨ ᠥᠨ᠎ᠡ ᠦᠷᠲᠡᠭ ᠢ ᠵᠠᠯᠠᠭᠤ | ᠪᠠᠭᠠᠴᠣᠳ ᠲᠤ ᠪᠠᠨ ᠤᠯᠠᠮᠵᠢᠯᠠᠬᠤ ᠡᠭᠦᠳᠡᠨ ᠠᠴᠠ ᠲᠣᠰ ᠠᠵᠢᠯᠯᠠᠭ᠎ᠠ ᠶᠢ ᠥᠷᠨᠢᠭᠦᠯᠦᠭᠰᠡᠨ ᠶᠤᠮ 》᠃ | ᠬᠦᠳᠡᠭᠡ ᠲᠤᠰᠬᠤᠨ ᠮᠠᠯᠵᠢᠬᠤ ᠤᠷᠤᠨ ᠢ ᠬᠦᠭᠵᠢᠭᠦᠯᠦᠨ ᠮᠠᠨᠳᠣᠭᠤᠯᠵᠤ᠂ ᠤᠳᠣᠬᠢᠴᠢᠯᠠᠯᠲᠠ ᠶᠢ ᠪᠦᠬᠦ | ᠲᠠᠯ᠎ᠠ ᠪᠠᠷ ᠠᠬᠢᠭᠤᠯᠵᠤ ᠪᠠᠶᠢᠭ᠎ᠠ ᠦᠶ᠎ᠡ ᠳᠤ᠂ ︽ᠲᠡᠮᠦᠷ ᠬᠡᠥᠬᠡᠨᠴᠣᠳ︾ ᠤᠨ ᠬᠦᠴᠢᠷ ᠪᠡᠷᠬᠡᠰᠢᠶᠡᠯ ᠠᠴᠠ ᠠᠶᠣᠬᠤ | ᠦᠬᠡᠢ᠂ ᠲᠡᠰᠪᠣᠷᠢ ᠬᠠᠳᠠᠭᠤᠵᠢᠯᠲᠠᠢ ᠪᠠᠷ ᠨᠢᠬᠳᠡᠷᠡᠨ ᠪᠦᠯᠬᠦᠮᠳᠡᠵᠣ᠂ ᠰᠢᠨᠳᠡᠷᠡᠰᠢ ᠦᠬᠡᠢ ᠬᠦᠳᠡᠯᠮᠣᠷᠢᠯᠡᠵᠣ ᠢᠷᠡᠭᠰᠠᠨ | ᠵᠤᠷᠢᠭ ᠰᠠᠨᠠᠭ᠎ᠠ ᠨᠢ ᠬᠤᠶᠢᠴᠢ ᠦᠶ᠎ᠡ ᠶᠢᠨ ᠬᠢᠨ ᠳᠤ ᠪᠠᠨ ᠲᠠᠭᠤᠷᠢᠶᠠᠯ ᠦᠵᠡᠬᠦᠯᠬᠦ ᠨᠢ ᠯᠠᠪᠳᠠᠢ᠃ |