ᠠᠰᠤᠷᠤ ᠠᠶᠠᠯᠭᠤ ᠨᠢ ᠮᠣᠩᠭᠤᠯ ᠣᠷᠳᠤᠨ ᠤᠨ ᠬᠦᠭᠵᠢᠮ ᠤᠨ ᠨᠢᠭᠡ ᠲᠦᠷᠦᠯ ᠪᠠᠶᠢᠵᠤ᠂ ︽ᠢᠷᠠᠭᠤ | ᠬᠦᠭᠵᠢᠮ︾᠂ ︽ᠲᠡᠭᠷᠢᠯᠢᠭ ᠠᠶᠠᠯᠭᠤᠨ︾ ᠬᠡᠮᠡᠨ ᠬᠦᠨᠲᠦᠳᠭᠡᠭᠳᠡᠵᠦ᠂ ᠶᠤᠸᠠᠨ ᠤᠯᠤᠰ ᠤᠨ ᠦᠶ᠎ᠡ ᠳᠤ ᠶᠡᠭᠡᠪᠡᠷ | ᠲᠡᠯᠭᠡᠷᠡᠨ᠂ ᠮᠠᠨᠵᠤ ᠴᠢᠩ ᠤᠯᠤᠰ ᠤᠨ ᠦᠭᠡ ᠶᠢᠨ ᠡᠷᠭᠦᠯᠲᠡ ᠬᠦᠷᠦᠭᠡᠳ ᠴᠠᠬᠠᠷ ᠤᠨ ᠡᠯ᠎ᠡ ᠬᠤᠰᠢᠭᠤ | ᠰᠦᠷᠦᠭ ᠤᠳ ᠲᠤᠰ ᠲᠤᠰ ᠤᠨ ᠤᠨᠴᠠᠯᠢᠭ ᠲᠠᠢ ᠠᠰᠤᠷᠤ ᠲᠠᠢ ᠪᠤᠯᠠᠪᠠ᠃ ᠡᠨᠡ ᠬᠦ ᠠᠶᠠᠯᠭᠤ ᠶᠢ ᠮᠤᠩᠭᠤᠯ | ᠦᠨᠳᠦᠰᠦᠳᠡᠨ ᠤᠨ ᠬᠦᠪᠴᠢᠳᠤ ᠪᠠ ᠴᠢᠪᠬᠠᠳᠠᠬᠤ᠂ ᠦᠯᠢᠶᠡᠪᠦᠷ ᠬᠦᠭᠵᠢᠮ ᠢᠶᠠᠷ ᠨᠡᠶᠢᠯᠡᠭᠦᠯᠦᠨ ᠬᠦᠭᠵᠢᠮᠳᠡᠬᠦ | ᠪᠦᠭᠡᠳ ᠲᠤᠮᠤᠬᠠᠨ ᠬᠡᠪᠴᠢᠶᠡᠨ ᠤ ᠨᠠᠶᠢᠷ ᠶᠤᠰᠤᠯᠠᠯ ᠶᠠᠩᠵᠤ ᠵᠢᠴᠢ ᠪᠡᠯᠭᠡᠳᠡᠬᠦ ᠠᠵᠢᠯᠯᠠᠭ᠎ᠠ ᠲᠡᠭᠡᠷ᠎ᠡ ᠬᠦᠭᠵᠢᠮᠳᠡᠳᠡᠭ᠃ | ᠴᠠᠬᠠᠷ ᠨᠤᠲᠤᠭ ᠲᠤ ᠤᠯᠠᠮᠵᠢᠯᠠᠭᠳᠠᠭᠰᠠᠨ ᠠᠰᠤᠷᠤ ᠶᠢᠨ60% ᠠᠴᠠ ᠲᠡᠭᠡᠭᠰᠢᠬᠢ ᠨᠢ ᠬᠦᠪᠡᠭᠡᠲᠦ ᠰᠢᠷ᠎ᠠ ᠳᠤ | ᠲᠦᠪᠯᠡᠷᠡᠵᠤ ᠪᠠᠶᠢᠳᠠᠭ᠃ ᠲᠡᠳᠬᠦᠨ ᠤ ᠲᠤᠳᠤᠷ᠎ᠠ ︽ᠠᠳᠤᠭᠤᠴᠢᠨ ᠠᠰᠣᠷᠤ︾ ᠨᠢ ᠲᠡᠦᠭᠡ ᠤᠯᠠᠮᠵᠢᠯᠠᠯ ᠤᠳᠠᠭᠠᠨ᠂ | ᠲᠡᠯᠭᠡᠷᠡᠭᠰᠡᠨ ᠬᠡᠪᠴᠢᠶ᠎ᠡ ᠦᠷᠭᠡᠨ᠂ ᠪᠦᠷᠢᠨ ᠪᠦᠳᠦᠨ ᠦᠯᠡᠳᠡᠭᠰᠡᠨ ᠢᠶᠠᠷ ᠲᠡᠷᠢᠬᠦᠴᠢ ᠠᠰᠤᠷᠤ ᠬᠡᠮᠡᠭᠳᠡᠵᠡᠢ᠃ | 2008ᠣᠨ ᠳᠤ ᠠᠰᠤᠷᠤ ᠨᠢ ᠦᠪᠡᠷᠳᠡᠭᠡᠨ ᠵᠡᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ ᠤᠨ | ᠥᠪ ᠤᠨ ᠨᠡᠷᠡᠰ ᠲᠤ ᠪᠦᠷᠢᠳᠭᠡᠭᠳᠡᠵᠦ᠂ ᠮᠦᠨ ᠲᠤᠰ ᠵᠢᠯ ᠨᠢ ᠲᠤᠮᠳᠠᠳᠤ ᠤᠯᠤᠰ ᠤᠨ ᠠᠷᠠᠳ ᠤᠨ | ᠤᠷᠠᠯᠢᠭᠴᠢᠳ ᠤᠨ ᠡᠪᠯᠡᠯ ᠠᠴᠠ ᠬᠦᠪᠡᠭᠡᠲᠦ ᠰᠢᠷ᠎ᠠ ᠬᠤᠰᠢᠭᠤ ᠶᠢ ︽ᠲᠤᠮᠳᠠᠳᠤ ᠤᠯᠤᠰ ᠤᠨ ᠠᠰᠤᠷᠤ ᠠᠶᠠᠯᠭᠤ ᠶᠢᠨ | ᠨᠤᠲᠤᠭ︾ ᠬᠡᠮᠡᠨ ᠨᠡᠷᠡᠶᠢᠳᠦᠭᠰᠡᠨ ᠪᠠᠶᠢᠨ᠎ᠠ᠃ 2014ᠣᠨ ᠳᠤ ᠲᠦᠷᠪᠡᠳᠦᠭᠡᠷ ᠪᠦᠯᠦᠭ ᠤᠯᠤᠰ ᠤᠨ ᠲᠠᠰ ᠤᠨ | ᠪᠤᠳᠠᠰ ᠤᠨ ᠪᠤᠰᠤ ᠰᠤᠶᠤᠯ ᠤᠨ ᠥᠪ ᠤᠨ ᠲᠥᠯᠦᠭᠡᠯᠡᠬᠦ ᠴᠢᠨᠠᠷᠳᠠᠢ ᠨᠠᠷᠡᠰ ᠲᠤ ᠵᠢᠭᠰᠠᠭᠠᠭᠳᠠᠪᠠ᠃ 2018ᠣᠨ ᠳᠤ | ᠦᠪᠡᠷᠳᠡᠭᠡᠨ ᠵᠠᠰᠠᠬᠤ ᠣᠷᠣᠨ ᠤ ᠰᠣᠶᠣᠯ ᠤᠨ ᠲᠢᠩᠭᠢᠮ ᠠᠴᠠ ᠬᠦᠪᠡᠭᠡᠲᠦ ᠰᠢᠷ᠎ᠠ ᠬᠤᠰᠢᠭᠤ ᠶᠢ ︽2018 - | 2020 ᠣᠨ ᠳᠠᠬᠢ ᠪᠦᠬᠦ ᠤᠷᠤᠨ ᠤ ᠠᠷᠠᠳ ᠤᠨ ᠰᠤᠶᠤᠯ ᠤᠷᠠᠯᠢᠭ ᠤᠨ ᠨᠤᠲᠤᠭ - ᠠᠰᠤᠷᠤ ᠠᠶᠠᠯᠭᠤ ᠶᠢᠨ | ᠥᠯᠦᠭᠡᠢ︾ ᠬᠡᠮᠡᠨ ᠨᠡᠷᠡᠶᠢᠳᠪᠡ᠃ |