ᠬᠤᠪᠢᠰ ᠪᠣᠯ ᠮᠤᠩᠭᠤᠯ ᠦᠨᠳᠦᠰᠦᠳᠡᠨ ᠤ ᠴᠢᠪᠬᠠᠳᠠᠰᠤ ᠬᠦᠭᠵᠢᠮ ᠶᠤᠮ᠃ ᠬᠤᠪᠢᠰ ᠬᠦᠭᠵᠢᠮ ᠢ ᠪᠠᠰᠠ ︽ | ᠬᠤᠪᠤᠰ᠂ ᠬᠤᠪᠢᠰ᠂ ᠬᠤᠨᠪᠣᠰ᠂ ᠬᠦᠪᠡᠽᠢ︾ ᠭᠡᠬᠦ ᠮᠡᠲᠦ ᠪᠠᠷ ᠨᠡᠷᠡᠯᠡᠵᠤ ᠪᠠᠶᠢᠳᠠᠭ᠃ ᠬᠤᠪᠢᠰ ᠬᠦᠭᠵᠢᠮ | ᠤᠨ ᠨᠡᠷ᠎ᠡ ᠪᠤᠯᠤᠨ ᠬᠡᠯᠪᠡᠷᠢ ᠲᠦᠷᠰᠦ ᠶᠢ ᠶᠤᠸᠠᠨ ᠤᠯᠤᠰ ᠤᠨ ᠦᠶ᠎ᠡ ᠶᠢᠨ ᠰᠤᠳᠤᠷ ᠪᠢᠴᠢᠭ ︽ᠶᠤᠸᠠᠨ ᠤᠯᠤᠰ | ᠤᠨ ᠲᠡᠦᠬᠡ᠂ ᠶᠤᠰᠤᠯᠡᠯ ᠬᠦᠭᠵᠢᠮ ᠤᠨ ᠣᠶᠢᠯᠠᠯᠭ᠎ᠠ︾ ᠳᠤ᠄ ︽ᠬᠤᠪᠢᠰ ᠠᠨᠤ ᠫᠢᠫᠠ ᠳᠤᠷ ᠲᠦᠰᠳᠡᠢ᠂ | ᠬᠦᠵᠦᠭᠦᠦ ᠰᠢᠯᠤᠭᠤᠨ᠂ ᠱᠠᠳᠤᠨ ᠲᠡᠪᠬᠡ ᠦᠭᠡᠢ᠂ ᠨᠠᠷᠢᠨ ᠬᠤᠪᠢᠯ ᠲᠠᠢ᠂ ᠳᠠᠯᠠᠯᠠᠭᠰᠠᠨ ᠬᠤᠯᠤ ᠮᠡᠳᠤ ᠴᠠᠷ ᠲᠠᠢ | ᠪᠦᠭᠡᠳ ᠠᠷᠠᠰᠤ ᠪᠠᠷ ᠪᠦᠷᠢᠮᠦᠢ᠂ ᠲᠦᠷᠪᠡᠨ ᠶᠤᠩᠬᠤᠷ ᠤᠳᠠᠰᠤ᠂ ᠭᠠᠭᠴᠠ ᠠᠷᠠᠯ ᠲᠠᠢ ᠪᠦᠯᠦᠭᠡ︾ ᠭᠡᠵᠡᠢ᠃ | ᠬᠤᠪᠢᠰ ᠨᠢ ᠲᠦᠷᠦ ᠶᠢᠨ ᠬᠦᠭᠵᠢᠮ ᠪᠠᠶᠢᠵᠤ᠂ ᠣᠷᠳᠤᠨ ᠤ ᠲᠤᠮᠤ ᠨᠠᠶᠢᠷ ᠶᠤᠰᠤᠯᠠᠯ ᠤᠨ ᠦᠶ᠎ᠡ ᠪᠠᠷ | ᠬᠦᠭᠵᠢᠮᠳᠡᠳᠡᠭ ᠪᠦᠭᠡᠳ ᠴᠠᠰᠢ ᠤᠯᠠᠮᠵᠢᠯᠠᠭᠳᠠᠨ ᠮᠢᠩ ᠤᠯᠤᠰ ᠤᠨ ᠦᠶ᠎ᠡ ᠬᠦᠷᠦᠭᠡᠳ ᠶᠡᠭᠡᠪᠡᠷ ᠲᠠᠷᠬᠠᠨ ᠲᠦᠭᠡᠵᠦ᠂ | ᠴᠢᠩ ᠤᠯᠤᠰ ᠤᠨ ᠦᠶ᠎ᠡ ᠳᠤ ᠮᠦᠨ ᠲᠦᠷᠦ ᠶᠢᠨ ᠬᠦᠭᠵᠢᠮ ᠬᠡᠮᠡᠭᠳᠡᠵᠤ᠂ ᠬᠤᠵᠢᠮ ᠨᠢ ᠤᠷᠬᠢᠭᠳᠠᠨ ᠬᠡᠭᠡᠭᠳᠡᠵᠡᠢ᠃ | | ᠲᠡᠭᠡᠷ᠎ᠡ ᠵᠠᠭᠤᠨ ᠤ ᠲᠡᠭᠡᠷ᠎ᠡ ᠵᠠᠭᠤᠨ ᠤ ᠲᠠᠯᠠᠭᠠᠳ ᠤᠨ ᠤ ᠲᠤᠮᠳᠠᠴᠢ ᠪᠠᠷ ᠠᠯᠳᠠᠷᠳᠤ ᠬᠤᠪᠢᠰᠴᠢᠨ ᠭᠤ᠂ | ᠴᠡᠩᠭᠡᠯᠳᠤ ᠭᠤᠸᠠᠢ ︵ᠬᠦᠪᠡᠭᠡᠲᠦ ᠰᠢᠷ᠎ᠠ ᠨᠤᠳᠤᠭ ᠤᠨ ᠬᠦᠮᠦᠨ︶ ᠤᠯᠠᠮᠵᠢᠯᠠᠯᠳᠤ ᠬᠤᠪᠢᠰ ᠤᠨ ᠰᠠᠭᠤᠷᠢ ᠲᠡᠭᠡᠷ᠎ᠡ | ᠲᠠᠬᠢᠵᠤ ᠰᠢᠨᠡᠴᠢᠯᠡᠨ ᠪᠦᠳᠦᠭᠡᠵᠡᠢ᠃ ᠰᠢᠨᠡᠴᠢᠯᠡᠭᠰᠡᠨ ᠬᠤᠪᠢᠰ ᠤᠨ ᠲᠠᠭᠤ ᠨᠢ ᠶᠡᠭᠡ ᠪᠦᠭᠡᠳ ᠴᠡᠭᠡᠯᠭᠡᠨ ᠬᠠᠩᠬᠢᠨᠠᠮ᠎ᠠ | ᠂ ᠲᠠᠭᠤᠨ ᠤ ᠲᠤᠳᠤᠯᠢᠭ ᠴᠢᠨᠠᠷ ᠪᠠ ᠬᠡᠪᠴᠢᠶ᠎ᠡ ᠨᠢ ᠨᠡᠯᠢᠶᠡᠳ ᠦᠷᠭᠡᠨ ᠪᠦᠭᠡᠳ ᠪᠠᠶᠠᠯᠢᠭ᠂ ᠢᠯᠡᠳᠬᠡᠭᠦ ᠬᠦᠴᠦᠨ | ᠢᠶᠠᠷ ᠪᠦᠷᠢᠨ ᠲᠡᠭᠦᠯᠳᠡᠷ ᠭᠤᠴᠤᠯᠠᠨ ᠬᠦᠭᠵᠢᠮᠳᠡᠬᠦ᠂ ᠨᠠᠶᠢᠷᠠᠯ ᠬᠦᠭᠵᠢᠮᠳᠡᠯᠬᠡ᠂ ᠬᠠᠪᠰᠤᠷᠠᠯ ᠬᠦᠭᠵᠢᠮᠳᠡᠯᠬᠡ᠂ | ᠴᠢᠪᠬᠠᠳᠠᠨ ᠲᠠᠭᠤᠯᠠᠬᠤ ᠵᠡᠷᠭᠡ ᠳᠤ ᠪᠦᠷ ᠬᠡᠷᠡᠭᠯᠡᠵᠤ ᠪᠤᠯᠳᠠᠭ᠃ | 1986 ᠤᠨ ᠳᠤ ︽ᠲᠤᠮᠳᠠᠳᠤ ᠤᠯᠤᠰ ᠤᠨ ᠴᠦᠭᠡᠨ ᠲᠤᠭᠠᠳᠤ ᠦᠨᠳᠦᠰᠦᠳᠡᠨ ᠤ ᠬᠦᠭᠵᠢᠮ ᠤᠨ | ᠤᠶᠢᠯᠠᠯᠭ᠎ᠠ︾ ᠳᠤ ᠪᠢᠴᠭᠳᠡᠭᠰᠡᠨ ᠪᠠᠶᠢᠨ᠎ᠠ᠃ | 2007 ᠤᠨ ᠳᠤ ᠬᠤᠪᠢᠰ ᠨᠢ ᠦᠪᠡᠷᠳᠡᠬᠡᠨ ᠵᠠᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ | ᠤᠨ ᠦᠪ ᠤᠨ ᠨᠠᠷᠡᠰ ᠲᠤ ᠵᠢᠭᠰᠠᠭᠠᠭᠳᠠᠪᠠ᠃ | 2008 ᠤᠨ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ ᠬᠦᠪᠡᠭᠡᠲᠦ ᠰᠢᠷ᠎ᠠ | ᠬᠤᠰᠢᠭᠤ ᠶᠢ ︽ᠪᠦᠬᠦ ᠤᠷᠤᠨ ᠤ ᠠᠷᠠᠳ ᠤᠨ ᠤᠷᠠᠯᠢᠭ ᠤᠨ ᠨᠤᠲᠤᠭ — ᠬᠤᠪᠢᠰ ᠤᠨ ᠦᠯᠦᠭᠡᠢ︾ ᠬᠡᠵᠤ | ᠨᠡᠷᠡᠯᠡᠭᠰᠡᠨ ᠪᠦᠭᠡᠳ ᠲᠤᠮᠳᠠᠳᠤ ᠤᠯᠤᠰ ᠤᠨ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠠᠴᠠ ᠲᠤᠮᠳᠠᠳᠤ | ᠤᠯᠤᠰ ᠤᠨ ᠬᠤᠪᠢᠰ ᠬᠦᠭᠵᠢᠮ ᠤᠨ ᠤᠯᠠᠮᠵᠢᠯᠠᠯ ᠤᠨ ᠭᠠᠵᠠᠷ︾ ᠭᠡᠮᠡᠨ ᠨᠡᠷᠡᠶᠢᠳᠦᠭᠰᠡᠨ ᠪᠠᠶᠢᠨ᠎ᠠ᠃ | |