ᠲᠠᠷᠬᠠᠨ ᠴᠤᠯᠠ ᠪᠠᠨ ᠮᠠᠨᠳᠤᠭᠤᠯᠵᠤ ᠶᠠᠪᠤᠭ᠎ᠠ ᠲᠠᠯ᠎ᠠ ᠨᠤᠳᠤᠭ ᠤᠨ ︽ᠬᠦᠩᠭᠡᠨ ᠮᠤᠷᠢᠳᠤ ᠴᠡᠷᠢᠭ︾ | — ᠬᠦᠪᠡᠭᠡᠳᠤ ᠰᠢᠷ᠎ᠡ ᠬᠤᠰᠢᠭᠤᠨ ᠤ ᠤᠯᠠᠭᠠᠨᠨᠮᠦ᠋ᠴᠢᠷ | ᠤᠨ ᠡᠬᠦᠰᠤᠯ ᠬᠦᠭᠵᠢᠯ ᠤᠨ ᠲᠤᠬᠠᠢ ᠬᠦᠤᠷᠨᠢᠯ ᠮᠡᠳᠡᠭᠡᠯᠡᠯ | ᠰᠤᠷᠪᠤᠯᠵᠢᠯᠠᠭᠴᠢ ᠲᠠᠯᠠᠨᠪᠠᠶᠠᠷ ᠴᠢᠮᠡᠭᠡᠯᠡᠭᠴᠢ ᠬᠡᠷᠡᠯᠳᠦ | ᠦᠷᠯᠦᠭ ᠨᠠᠮ ᠤᠨ ᠢᠶᠠᠨ ᠮᠡᠷᠭᠡᠨ ᠪᠤᠳᠤᠯᠭ᠎ᠠ᠂ ᠦᠩᠬᠢᠶᠡᠮᠤᠷ ᠵᠠᠰᠠᠭ ᠤᠨ ᠢᠶᠠᠨ ᠬᠠᠯᠠᠭᠤᠨ ᠬᠠᠶᠢᠷ᠎ᠠ ᠪᠠᠷ | ᠦᠶ᠎ᠡ ᠦᠶ᠎ᠡ ᠶᠢᠨ ᠤᠷᠠᠯᠢᠬᠴᠢᠳ ᠤᠨ ᠢᠶᠠᠨ ᠦᠰᠦ ᠪᠠᠨ ᠴᠠᠶᠢᠳᠠᠯ᠎ᠠ ᠵᠢᠳᠬᠦᠭᠰᠡᠨ ᠬᠦᠳᠡᠯᠮᠤᠷᠢ ᠠᠵᠢᠯ ᠤᠨ ᠬᠢᠨᠢ | ᠬᠦᠯᠦᠰᠤᠨ ᠲᠤᠰᠤᠯ ᠢᠶᠠᠷ ᠦᠪᠤᠷ ᠮᠤᠩᠭᠤᠯ ᠤᠨ ᠲᠠᠯ᠎ᠡ ᠨᠤᠳᠤᠭ ᠲᠤ ᠪᠠᠳᠮᠠᠯᠠᠨ ᠲᠡᠯᠭᠡᠷᠡᠭᠰᠡᠨ ︽ᠲᠠᠯ᠎ᠡ ᠨᠤᠳᠤᠭ | ᠤᠨ ᠬᠦᠩᠭᠡᠨ ᠮᠤᠷᠢᠳᠤ ᠴᠡᠷᠢᠭ︾ ᠭᠡᠮᠡᠬᠦ ᠬᠦᠨᠳᠤᠳᠭᠡᠯ ᠲᠠᠭᠤᠳᠠᠯᠭ᠎ᠠ ᠶᠢᠨ ᠢᠷᠠᠭᠤ ᠰᠠᠶᠢᠬᠠᠨ ᠠᠯᠳᠠᠷ ᠲᠠᠢ | ᠤᠯᠠᠭᠠᠨᠮᠦ᠋ᠴᠢᠷ ᠮᠠᠨᠢ ᠡᠨᠡ ᠵᠢᠯ 60 ᠨᠠᠰᠤᠨ ᠤ ᠦᠯᠵᠡᠢ ᠪᠠᠶᠠᠷ ᠢᠶᠠᠨ ᠦᠷᠨᠢᠬᠦᠨ ᠬᠦᠭᠵᠢᠯ ᠤᠨ ᠵᠢᠬᠦᠷ ᠢᠶᠠᠨ | ᠲᠡᠯᠭᠡᠭᠰᠡᠨ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠠᠨ 70 ᠨᠠᠰᠤᠨ ᠤ ᠲᠠᠯᠠᠢ ᠵᠢᠷᠭᠠᠯ ᠢᠶᠠᠷ | ᠤᠬᠳᠤᠨ ᠠᠪᠤᠯ᠎ᠠ᠃ | ᠲᠡᠭᠡᠪᠡᠯ᠂ ᠲᠡᠬᠦᠨ ᠤ ᠨᠢᠭᠡᠨ ᠳᠤ ᠬᠠᠷᠢᠶᠠᠯᠠᠭᠳᠠᠬᠤ ᠬᠦᠪᠡᠭᠡᠳᠤ ᠰᠢᠷ᠎ᠡ ᠬᠤᠰᠢᠭᠤᠨ ᠤ ᠤᠯᠠᠭᠠᠨᠮᠦ᠋ᠴᠢᠷ | ᠤᠨ ᠵᠢᠷᠠᠨ ᠵᠢᠯ ᠤᠨ ᠤᠯᠠ ᠮᠦᠷ ᠢ ᠡᠷᠬᠢᠴᠡᠬᠦᠯᠦᠨ ᠰᠠᠨᠠᠬᠤ ᠳᠤ ᠦᠭᠡᠢ ᠠᠴᠠ ᠪᠠᠨ ᠪᠤᠢ ᠪᠤᠯᠵᠤ᠂ ᠪᠠᠶᠢᠬᠤ ᠠᠴᠠ | ᠪᠠᠨ ᠪᠤᠵᠠᠭᠠᠶᠢᠷᠠᠨ ᠬᠦᠭᠵᠢᠵᠤ᠂ ᠤᠳᠤ ᠪᠤᠯᠬᠤ ᠳᠤ ᠤᠷᠤᠨ ᠨᠤᠳᠤᠭ ᠤᠨ ᠦᠨᠦᠷ ᠠᠮᠳᠠ ᠬᠠᠩᠬᠤᠯᠤᠭᠰᠠᠨ | ᠦᠨᠳᠤᠰᠤᠳᠡᠨ ᠤ ᠰᠤᠶᠤᠯ ᠤᠨ ᠨᠢᠭᠡ ᠪᠠᠭᠴᠠ ᠰᠤᠷᠭᠤᠭ ᠴᠡᠴᠡᠭ ᠪᠤᠯᠵᠤ᠂ ᠲᠠᠯ᠎ᠡ ᠨᠤᠳᠤᠭ ᠤᠨ ᠰᠤᠶᠤᠯ ᠢᠶᠠᠨ | ᠤᠯᠠᠮᠵᠢᠯᠠᠨ ᠲᠡᠯᠭᠡᠷᠡᠬᠦᠯᠵᠤ ᠬᠦᠭᠵᠢᠬᠦᠯᠦᠨ ᠮᠠᠨᠳᠤᠭᠤᠯᠬᠤ ᠶᠡᠭᠡ ᠦᠢᠯᠡᠰ ᠲᠤ ᠴᠠᠭ ᠦᠶ᠎ᠡ ᠪᠠᠨ ᠲᠡᠮᠳᠡᠭᠯᠡᠭᠰᠡᠨ᠂ | ᠢᠷᠡᠭᠡᠳᠤᠢ ᠪᠠᠨ ᠪᠠᠷᠠᠭᠠᠯᠠᠵᠤ᠂ ᠲᠡᠤᠭᠡᠨ ᠳᠤ ᠬᠤᠨᠤᠭᠰᠢᠮᠠᠷ ᠬᠠᠭᠤᠳᠠᠰᠤ ᠬᠠᠭᠤᠳᠠᠰᠤ ᠲᠤᠤᠯᠢᠰ ᠢᠶᠠᠨ | ᠪᠢᠴᠢᠭᠯᠡᠭᠰᠡᠭᠡᠷ ᠪᠠᠶᠢᠨ᠎ᠡ᠃ | ᠤᠯᠠᠭᠠᠨᠮᠦ᠋ᠴᠢᠷ ᠤᠨ ︽ᠲᠤᠯᠭ᠎ᠠ ᠶᠢᠨ ᠭᠤᠷᠪᠡᠨ ᠴᠢᠯᠠᠭᠤ︾ ᠶᠢ ᠲᠠᠯᠪᠢᠭᠰᠠᠨ — ︽ᠲᠤᠬᠢᠭᠤᠷ ᠲᠤᠯᠣᠭᠠᠨ | ᠤᠳᠤ︾ | ᠪᠦᠬᠦ ᠤᠯᠤᠰ ᠲᠤ ᠬᠠᠮᠤᠭ ᠲᠦᠷᠦᠬᠦᠦ ᠪᠠᠶᠢᠭᠤᠯᠤᠭᠳᠠᠭᠰᠠᠨ ᠰᠦᠨᠢᠳ ᠪᠠᠷᠠᠭᠤᠨ ᠬᠤᠰᠢᠭᠤᠨ ᠤ | ᠤᠤᠭᠠᠨ ᠤᠯᠠᠭᠠᠨᠮᠦ᠋ᠴᠢᠷ ᠢᠶᠠᠨ ᠦᠯᠮᠡᠶᠢᠳᠡᠵᠤ᠂ 1958 ᠤᠨ ᠳᠤ ᠪᠠᠶᠢᠭᠤᠯᠤᠭᠳᠠᠭᠰᠠᠨ ᠬᠦᠪᠡᠭᠡᠳᠤ ᠰᠢᠷ᠎ᠡ | ᠬᠤᠰᠢᠭᠤᠨ ᠤ ᠤᠯᠠᠭᠠᠨᠮᠦ᠋ᠴᠢᠷ ᠨᠢ ᠠᠩᠬ᠎ᠠ ᠡᠬᠢᠨ ᠳᠡᠭᠡᠨ ᠵᠦᠪᠭᠡᠨ 7 ᠨᠡᠷ᠎ᠡ ᠲᠤᠭᠯᠠᠭᠴᠢ ᠲᠠᠢ ᠪᠠᠶᠢᠵᠤ᠂ ᠲᠡᠳᠡ | ᠨᠠᠷ ᠤᠨ ᠵᠠᠷᠢᠮ ᠨᠢ ᠬᠦᠭᠡᠷᠤᠬᠦᠢ ᠤᠳᠤ ᠨᠢᠭᠡᠨᠳᠡ ᠨᠠᠰᠤ ᠪᠠᠷᠠᠭᠰᠠᠨ ᠪᠤᠯᠪᠠᠴᠦ ᠤᠳᠬ᠎ᠠ ᠤᠷᠠᠯᠢᠭ ᠤᠨ ᠦᠪᠡᠷᠮᠢᠴᠡ | ᠭᠡᠯᠪᠡᠷᠢ ᠪᠠᠷ ᠨᠠᠮ ᠤᠨ ᠲᠦᠷᠦ ᠶᠢᠨ ᠪᠤᠳᠤᠯᠭ᠎ᠠ ᠶᠢ ᠤᠬᠠᠭᠤᠯᠵᠤ᠂ ᠨᠡᠶᠢᠭᠡᠮ ᠵᠢᠷᠤᠮᠳᠤ ᠬᠤᠪᠢᠰᠬᠠᠯ ᠪᠡ ᠪᠦᠳᠦᠭᠡᠨ | ᠪᠠᠶᠢᠭᠤᠯᠤᠯᠳᠠ ᠳᠤ ᠦᠵᠡᠬᠦᠯᠦᠭᠰᠡᠨ ᠭᠠᠪᠢᠶ᠎ᠡ ᠵᠢᠳᠬᠦᠯ ᠨᠢ ᠲᠡᠤᠭᠡ ᠶᠢᠨ ᠬᠠᠭᠤᠳᠠᠰᠤᠨ ᠳᠤ ᠦᠨᠢᠳᠡ ᠮᠦᠩᠭᠡᠷᠡᠬᠦ | ᠳᠡᠭᠡᠨ ᠦᠶ᠎ᠡ ᠦᠶ᠎ᠡ ᠶᠢᠨ ᠤᠷᠠᠯᠢᠭᠴᠢᠳ ᠤᠨ ᠢᠶᠠᠨ ᠦᠰᠤᠨ ᠪᠤᠶᠢᠵᠢᠯᠳᠠ ᠳᠤ ᠦᠯᠢᠭᠡᠷ ᠲᠠᠭᠤᠷᠢᠶᠠᠯ ᠤᠨ ᠬᠦᠴᠦᠨ | ᠪᠤᠯᠳᠠᠭ ᠢᠶᠠᠷ ᠤᠳᠤ ᠴᠦ ᠭᠡᠳ ᠠᠭᠠᠷ ᠲᠡᠭᠷᠢ ᠶᠢᠨ ︽ᠲᠤᠬᠢᠭᠤᠷ ᠲᠤᠯᠤᠭᠠᠨ ᠤᠳᠤ︾ ᠮᠡᠳᠤ ᠬᠢᠯᠠᠯᠵᠠᠨ | ᠬᠢᠯᠠᠯᠵᠠᠭᠰᠠᠭᠠᠷ ᠪᠠᠶᠢᠨ᠎ᠡ᠃ ᠡᠨᠡ ᠲᠤᠬᠠᠢ ᠵᠢᠷᠠᠭᠠᠳ ᠤᠨ ᠤ ᠡᠬᠢᠨ ᠤ ᠦᠶ᠎ᠡ ᠪᠠᠷ ᠤᠯᠠᠭᠠᠨᠮᠦ᠋ᠴᠢᠷ ᠤᠨ ᠡᠬᠦᠳᠡᠨ | ᠪᠤᠱᠤᠭ᠎ᠠ ᠶᠢ ᠠᠯᠬᠤᠵᠤ᠂ ᠠᠵᠢᠯ ᠤᠨ ᠭᠠᠷᠤᠭ᠎ᠠ ᠪᠠᠨ ᠠᠪᠤᠭᠰᠠᠨ ᠠᠬᠠᠮᠠᠳ ᠺᠠᠳ᠋ᠷ ᠬᠦᠩᠭ᠎ᠠ ᠤᠳᠪᠠᠯᠠ ᠨᠠᠷ ᠤᠨ | ᠡᠷᠬᠢᠴᠡᠬᠦᠯᠬᠦ ᠪᠠᠷ᠄ ︽ᠪᠢᠳᠡ ᠭᠡᠳᠤᠶᠢᠪᠡᠷ ᠤᠯᠠᠭᠠᠨᠮᠦ᠋ᠴᠢᠷ ᠤᠨ ᠢᠶᠠᠨ ᠬᠤᠶᠠᠳᠤᠭᠠᠷ ᠦᠶ᠎ᠡ ᠶᠢᠨ ᠲᠤᠭᠯᠠᠭᠴᠢᠳ ᠲᠤ | ᠬᠠᠷᠢᠶᠠᠯᠠᠭᠳᠠᠬᠤ ᠪᠤᠯᠪᠠᠴᠦ ᠦᠨᠡᠨ ᠳᠡᠭᠡᠨ ᠤᠯᠠᠭᠠᠨᠮᠦ᠋ᠴᠢᠷ ᠢ ᠡᠬᠦᠰᠭᠡᠨ ᠪᠠᠶᠢᠭᠤᠯᠤᠭᠰᠠᠨ ᠡᠬᠢᠨ ᠤ ᠦᠶ᠎ᠡ ᠶᠢᠨ 7 | ᠲᠤᠭᠯᠠᠭᠴᠢ ᠲᠠᠢ ᠪᠠᠨ ᠭᠤᠷᠪᠡ ᠲᠦᠷᠪᠡᠨ ᠵᠢᠯ ᠤᠨ ᠡᠮᠤᠨ᠎ᠡ ᠬᠤᠶᠢᠨ᠎ᠡ ᠢᠷᠡᠭᠰᠡᠨ ᠪᠤᠯᠬᠤᠷ ᠤᠯᠠᠭᠠᠨᠮᠦ᠋ᠴᠢᠷ ᠤᠨ | ᠢᠶᠠᠨ ᠲᠤᠬᠠᠢ ᠶᠢᠨ ᠦᠶ᠎ᠡ ᠶᠢᠨ ᠲᠡᠤᠭᠡᠨ ᠪᠠᠶᠢᠳᠠᠯ ᠢ ᠨᠠᠯᠢᠶᠡᠳ ᠪᠦᠷᠢᠨ ᠦᠢᠯᠠᠭᠠᠨ᠎ᠠ᠃ ᠲᠠᠷᠠ ᠦᠶ᠎ᠡ ᠶᠢᠨ ᠪᠠᠶᠢᠳᠠᠯ | ᠢ ᠤᠳᠤ ᠶᠢᠨ ᠬᠢᠨ ᠲᠠᠢ ᠬᠠᠷᠢᠴᠠᠭᠤᠯᠬᠤ ᠶᠢᠨ ᠠᠷᠭ᠎ᠠ ᠦᠭᠡᠢ᠃ ᠨᠢᠭᠡ ᠯᠡ ᠦᠭᠡ ᠪᠠᠷ ᠭᠡᠯᠡᠪᠡᠯ᠂ ᠲᠦᠢᠯ ᠤᠨ | ᠪᠡᠷᠭᠡ ᠬᠠᠳᠠᠭᠤ ᠤᠷᠴᠢᠨ ᠲᠤᠭᠤᠷᠢᠨ ᠳᠤ ᠠᠵᠢᠯᠯᠠᠵᠤ ᠪᠠᠶᠢᠯ᠎ᠠ ᠭᠡᠰᠡᠨ ᠦᠭᠡ᠃ ᠵᠠᠮ ᠨᠡᠪᠳᠡᠷᠡᠬᠦᠯᠭᠡ ᠲᠦᠢᠯ ᠤᠨ | ᠲᠦᠬᠦᠮ ᠦᠭᠡᠢ ᠲᠡᠭᠡᠷ᠎ᠡ ᠪᠠᠨ ᠰᠤᠷᠠᠭ ᠴᠢᠮᠡᠭᠡ ᠲᠠᠭ ᠪᠢᠳᠡᠬᠦᠦ᠃ ᠡᠶᠢᠮᠤ ᠪᠠᠶᠢᠳᠠᠯ ᠲᠤᠤᠷ᠎ᠡ ᠦᠷᠬᠦᠯᠵᠢ ᠬᠦᠳᠡᠭᠡ | ᠪᠠᠭᠤᠵᠤ ᠲᠤᠭᠯᠠᠯᠳᠠ ᠭᠠᠷᠭᠠᠨ᠂ ᠪᠠᠰᠠ ᠬᠦᠳᠡᠯᠮᠤᠷᠢ ᠳᠤ ᠤᠷᠤᠯᠴᠠᠨ᠎ᠠ᠃ ᠮᠠᠯᠴᠢᠳ ᠢ ᠬᠠᠪᠰᠤᠷᠴᠦ ᠡᠪᠡᠰᠤ | ᠬᠠᠳᠤᠬᠤ᠂ ᠬᠤᠷᠤᠭ᠎ᠠ ᠬᠠᠰᠢᠶ᠎ᠠ ᠪᠠᠷᠢᠬᠤ᠂ ᠰᠢᠭᠤᠷᠭᠠᠨ ᠳᠤ ᠤᠷᠤᠭᠤᠳᠠᠭᠰᠠᠨ ᠮᠠᠯ ᠤᠨ ᠬᠢᠨᠢ ᠡᠷᠢᠯ ᠳᠤ ᠬᠦᠷᠳᠡᠯ᠎ᠡ | ᠮᠤᠷᠳᠡᠨ᠎ᠡ᠃ ᠶᠡᠷᠤᠩᠭᠡᠢ ᠳᠡᠭᠡᠨ ᠬᠢᠬᠦ ᠦᠭᠡᠢ ᠠᠵᠢᠯ ᠭᠡᠵᠤ ᠪᠠᠷᠤᠭ ᠪᠠᠶᠢᠬᠤ ᠦᠭᠡᠢ᠃ ᠬᠦᠳᠡᠭᠡ ᠪᠠᠭᠤᠵᠤ | ᠲᠤᠭᠯᠠᠯᠳᠠ ᠭᠠᠷᠭᠠᠬᠤ ᠳᠠᠭᠠᠨ ᠭᠤᠷᠪᠡᠨ ᠮᠤᠷᠢ ᠬᠦᠯᠦᠭᠰᠡᠨ ᠲᠡᠷᠭᠡᠨ ᠳᠡᠭᠡᠨ ᠭᠡᠳᠤᠨ ᠬᠦᠭᠵᠢᠮ ᠤᠨ ᠵᠢᠮᠰᠡᠭ ᠪᠡ | ᠢᠳᠡᠵᠤ ᠤᠤᠭᠤᠬᠤ ᠪᠠᠭ᠎ᠠ ᠰᠠᠭ᠎ᠠ ᠬᠠᠭᠤᠷᠠᠢ ᠠᠮᠤ ᠬᠦᠨᠡᠰᠤ ᠪᠠᠨ ᠪᠡᠯᠡᠳᠭᠡᠵᠤ ᠶᠠᠪᠤᠨ᠎ᠠ᠃ ᠲᠤᠭᠯᠠᠯᠳᠠ ᠶᠢᠨ | ᠬᠤᠪᠴᠠᠰᠤ ᠬᠤᠨᠠᠷ ᠭᠡᠮᠡᠷ ᠶᠠᠭᠤᠮ᠎ᠠ ᠪᠠᠷᠤᠭ ᠪᠠᠶᠢᠳᠠᠭ ᠦᠭᠡᠢ᠂ ᠪᠦᠷ ᠯᠡ ᠲᠤᠭ᠎ᠠ ᠲᠠᠢ ᠭᠡᠳᠤᠨ ᠵᠠᠬ᠎ᠠ ᠬᠤᠪᠴᠠᠰᠤ | ᠪᠠᠨ ᠰᠤᠯᠢᠵᠤ ᠬᠠᠯᠠᠨ ᠡᠮᠤᠰᠳᠡᠭ ᠮᠦᠷᠳᠡᠭᠡᠨ ᠵᠠᠷᠢᠮ ᠦᠶ᠎ᠡ ᠳᠤ ᠦᠪᠡᠷ ᠤᠨ ᠲᠡᠷᠯᠢᠭ ᠬᠤᠪᠴᠠᠰᠤ ᠪᠠᠨ ᠡᠮᠤᠰᠬᠦ | ᠦᠵᠡᠭᠳᠡᠯ ᠴᠦ ᠵᠦᠩᠳᠡᠭᠡᠨ ᠭᠠᠷᠤᠨ᠎ᠡ᠃ ᠲᠤᠭᠯᠠᠯᠳᠠ ᠪᠠᠨ ᠵᠤᠬᠢᠶᠡᠨ ᠪᠦᠳᠦᠭᠡᠵᠤ ᠪᠡᠯᠡᠳᠭᠡᠬᠦ ᠪᠡ ᠪᠤᠯᠪᠠᠰᠤᠷᠠᠬᠤ | ᠪᠤᠯ ᠤᠯᠠᠭᠠᠨᠮᠦ᠋ᠴᠢᠷ ᠤᠨ ᠬᠠᠮᠤᠭ ᠴᠢᠬᠤᠯᠠ ᠨᠢᠭᠡ ᠠᠵᠢᠯ᠂ ᠤᠴᠢᠷ ᠨᠢ ᠲᠡᠷᠡ ᠦᠶ᠎ᠡ ᠳᠤ ᠭᠠᠷ ᠦᠵᠦᠬᠦᠷ ᠪᠡᠯᠡᠨ | ᠠᠰᠢᠭᠯᠠᠮᠠᠷ ᠮᠠᠲ᠋ᠧᠷᠢᠶᠡᠯ ᠭᠡᠵᠤ ᠪᠠᠶᠢᠬᠤ ᠦᠭᠡᠢ᠂ ᠤᠯᠠᠩᠬᠢ ᠲᠤᠭᠯᠠᠯᠳᠠ ᠪᠠᠨ ᠪᠦᠷ ᠦᠪᠡᠷᠳᠡᠭᠡᠨ ᠵᠤᠬᠢᠶᠡᠨ | ᠪᠦᠳᠦᠭᠡᠵᠤ ᠪᠤᠯᠪᠠᠰᠤᠷᠴᠦ ᠪᠡᠯᠡᠳᠭᠡᠨ᠎ᠡ᠃ ᠮᠠᠨ ᠤ ᠬᠤᠶᠠᠷ ᠵᠠ᠊ ᠪᠠᠭᠰᠢ ᠭᠡᠵᠤ᠂ ᠨᠢᠭᠡ ᠨᠢ ᠲᠠᠭᠤᠨ ᠤ ᠠᠶ᠎ᠠ ᠬᠢᠵᠤ | ᠬᠦᠭᠵᠢᠮ ᠵᠤᠬᠢᠴᠠᠭᠤᠯᠬᠤ ᠤᠷ᠎ᠡ ᠮᠡᠷᠭᠡᠵᠢᠯᠳᠡᠨ᠂ ᠨᠦᠬᠦᠭᠡ ᠨᠢ ᠲᠠᠭᠤᠨ ᠤ ᠦᠭᠡ᠂ ᠬᠤᠯᠪᠤᠭ᠎ᠠ ᠰᠢᠯᠦᠭ᠂ ᠱᠤᠭ | ᠶᠠᠷᠢᠶ᠎ᠠ᠂ ᠵᠦᠴᠦᠭᠡ ᠪᠢᠴᠢᠬᠦ ᠲᠠᠯ᠎ᠡ ᠪᠠᠷ ᠲᠠᠪᠠᠭᠤ ᠰᠠᠶᠢᠨ ᠭᠠᠷᠰᠢᠭᠰᠠᠨ ᠭᠤᠤᠯ ᠬᠦᠴᠦᠨ ᠪᠤᠯᠬᠤ ᠮᠦᠷᠳᠡᠭᠡᠨ | ᠬᠤᠯᠪᠤᠭ᠎ᠠ ᠰᠠᠶᠢᠬᠠᠨ ᠭᠡᠯᠡᠳᠡᠭ᠃ ᠪᠢᠳᠡ ᠴᠦ ᠭᠡᠳ ᠦᠪᠡᠷᠳᠡᠭᠡᠨ ᠪᠠᠭ᠎ᠠ ᠰᠠᠭ᠎ᠠ ᠵᠤᠬᠢᠶᠡᠨ ᠪᠢᠴᠢᠬᠦ ᠤᠷ᠎ᠡ | ᠴᠢᠳᠠᠪᠤᠷᠢᠳᠡᠢ ᠪᠤᠯᠬᠤᠷ ᠮᠠᠨ ᠤ ᠲᠤᠭᠯᠠᠯᠳᠠ ᠶᠢᠨ ᠬᠢᠷᠢ ᠲᠦᠪᠰᠢᠨ ᠲᠤᠬᠠᠢ ᠶᠢᠨ ᠦᠶ᠎ᠡ ᠳᠡᠭᠡᠨ ᠨᠡᠯᠢᠶᠡᠳ ᠰᠠᠶᠢᠨ | ᠪᠠᠶᠢᠭᠰᠠᠨ᠂ ᠡᠬᠦᠨ ᠤ ᠲᠤᠬᠠᠢ ᠪᠤᠳᠠᠳᠤ ᠭᠡᠷᠡᠴᠢ ᠭᠡᠪᠡᠯ᠂ 1959 ᠤᠨ ᠤ 3 ᠰᠠᠷ᠎ᠡ ᠳᠤ ᠰᠢᠯᠢ ᠶᠢᠨ ᠭᠤᠤᠯ | ᠠᠶᠢᠮᠠᠭ ᠲᠤ ᠪᠤᠯᠤᠭᠰᠠᠨ ᠤᠯᠠᠭᠠᠨᠮᠦ᠋ᠴᠢᠷ ᠤᠨ ᠦᠵᠡᠭᠦᠯᠦᠯᠭᠡ ᠶᠢᠨ ᠲᠤᠭᠯᠠᠯᠳᠠ ᠶᠢᠨ ᠤᠷᠤᠯᠳᠤᠭᠠᠨ ᠳᠤ ᠨᠢᠭᠡᠳᠤᠭᠡᠷ | ᠲᠡᠰ ᠲᠤ 2᠂ ᠬᠤᠶᠠᠳᠤᠭᠠᠷ ᠲᠡᠰ ᠲᠤ 5᠂ ᠭᠤᠷᠪᠠᠳᠤᠭᠠᠷ ᠲᠡᠰ ᠲᠤ 2 ᠰᠢᠯᠭᠠᠷᠠᠵᠤ᠂ ᠪᠦᠬᠦ ᠨᠡᠶᠢᠳᠡ 9 | ᠲᠦᠷᠦᠯ ᠤᠨ ᠱᠠᠩᠨᠠᠯ ᠠᠪᠴᠦ᠂ ᠲᠠᠬᠢᠪᠠᠯ ᠪᠠᠰᠠ 1965 ᠤᠨ ᠤ ᠨᠠᠮᠤᠷ ᠠᠶᠢᠮᠠᠭ ᠲᠤ ᠪᠤᠯᠤᠭᠰᠠᠨ ᠪᠦᠬᠦ ᠠᠶᠢᠮᠠᠭ | ᠤᠨ ᠤᠯᠠᠭᠠᠨᠮᠦ᠋ᠴᠢᠷ ᠤᠨ ᠪᠤᠯᠪᠠᠰᠤᠷᠠᠯ ᠲᠡᠭᠡᠷ᠎ᠡ᠂ ᠦᠪᠡᠷᠳᠡᠭᠡᠨ ᠵᠤᠬᠢᠶᠡᠨ ᠪᠦᠳᠦᠭᠡᠭᠰᠡᠨ ᠪᠡ ᠲᠤᠷᠤᠭᠰᠢ ᠪᠠᠭᠤᠵᠤ | ᠲᠤᠭᠯᠠᠯᠳᠠ ᠭᠠᠷᠭᠠᠭᠰᠠᠨ ᠡᠳᠤᠷ ᠬᠤᠨᠤᠭ ᠤᠨ ᠲᠤᠭ᠎ᠠ ᠪᠠᠷᠢᠮᠳᠠ ᠵᠡᠷᠭᠡ 2 ᠶᠡᠭᠡ ᠠᠳᠠᠯᠢᠳᠬᠠᠨ ᠰᠢᠯᠭᠠᠷᠠᠭᠤᠯᠬᠤ | ᠨᠦᠬᠦᠴᠡᠯ ᠢᠶᠠᠷ ᠪᠦᠬᠦ ᠠᠶᠢᠮᠠᠭ ᠲᠠᠭᠠᠨ ᠲᠡᠷᠢᠬᠦᠯᠡᠭᠰᠡᠨ ᠪᠤᠯᠬᠤᠷ ︽ᠬᠦᠪᠡᠭᠡᠳᠤ ᠰᠢᠷ᠎ᠡ ᠬᠤᠰᠢᠭᠤᠨ ᠤ | ᠤᠯᠠᠭᠠᠨᠮᠦ᠋ᠴᠢᠷ ᠠᠴᠠ ᠰᠤᠷᠤᠯᠴᠠᠳᠤᠭᠠᠢ︾ ᠭᠡᠰᠡᠨ ᠤᠷᠢᠶᠠᠯᠭ᠎ᠠ ᠭᠠᠷᠭᠠᠭᠰᠠᠨ ᠪᠠᠶᠢᠳᠠᠭ᠃ ᠭᠡᠯᠡᠬᠦ ᠠᠴᠠ ᠬᠦᠳᠡᠭᠡ | ᠪᠠᠭᠤᠵᠤ ᠲᠤᠭᠯᠠᠯᠳᠠ ᠭᠠᠷᠭᠠᠬᠤ ᠳᠠᠭᠠᠨ ᠪᠦᠷ ᠯᠡ ᠮᠠᠯ ᠤᠨ ᠫᠧᠩ ᠬᠤᠷᠤᠭ᠎ᠠ ᠪᠠᠷ ᠲᠤᠭᠯᠠᠯᠳᠠ ᠶᠢᠨ ᠲᠠᠯᠠᠪᠤᠷ | ᠪᠤᠯᠭᠠᠵᠤ᠂ ᠵᠤᠨ ᠨᠠᠮᠤᠷ ᠲᠠᠭᠠᠨ ᠪᠠᠷᠤᠭ ᠭᠡᠳᠤᠨ ᠰᠠᠷ᠎ᠡ ᠪᠠᠷ ᠡᠳᠤᠷ ᠲᠤᠵᠢ ᠬᠦᠳᠡᠭᠡ ᠪᠠᠭᠤᠵᠤ᠂ ᠨᠢᠭᠡ ᠯᠡ | ᠭᠠᠷᠤᠭᠠᠳ ᠶᠠᠪᠤᠪᠠᠯ ᠰᠠᠷ᠎ᠠ ᠶᠢᠨ ᠨᠢᠭᠤᠷ ᠦᠵᠡᠴᠢᠬᠡᠨᠡ᠃ ᠠᠷᠭ᠎ᠠ ᠦᠭᠡᠢ᠂ ᠨᠠᠰᠢ ᠴᠠᠰᠢ ᠤᠯᠠᠨ ᠰᠦᠯᠵᠢᠯᠳᠦᠨ | ᠶᠠᠪᠤᠪᠠᠯ᠂ ᠡᠳᠤᠷ ᠬᠤᠨᠤᠭ ᠢᠶᠠᠨ ᠵᠠᠮ ᠶᠠᠪᠤᠭᠠᠳ ᠪᠠᠷᠠᠴᠢᠬᠠᠨ᠎ᠠ᠃ ᠮᠢᠨᠤ ᠴᠡᠭᠡᠵᠢᠯᠡᠵᠤ ᠪᠠᠶᠢᠬᠤ ᠪᠠᠷ 1966 ᠤᠨ | ᠤ ᠬᠠᠪᠤᠷ ᠮᠠᠨ ᠤ ᠤᠯᠠᠭᠠᠨᠮᠦ᠋ᠴᠢᠷ ᠴᠢᠨᠢ ᠪᠠᠰᠠ ᠬᠤᠰᠢᠭᠤᠨ ᠤ ᠪᠠᠨ ᠲᠤᠬᠢᠷᠠᠭᠤᠯᠤᠯᠳᠠ ᠪᠠᠷ ᠲᠤᠯᠤᠨ ᠨᠤᠤᠷ ᠲᠤ | ᠬᠦᠷᠴᠦ ᠤᠳᠤᠷᠴᠤᠳ ᠢᠶᠠᠨ ᠲᠤᠬᠤᠨᠢᠭᠤᠯᠵᠤ ᠪᠠᠶᠢᠯ᠎ᠡ᠃ ᠤᠳᠤ ᠪᠤᠳᠤᠵᠤ ᠦᠵᠡᠪᠡᠯ᠂ ᠭᠤᠷᠪᠡᠨ ᠮᠤᠷᠢ ᠬᠦᠯᠦᠭᠰᠡᠨ | ᠲᠡᠷᠭᠡ ᠪᠠᠷ ᠬᠠᠷᠢ ᠬᠤᠰᠢᠭᠤᠨ ᠰᠢᠶᠡᠨ ᠳᠤ ᠬᠤᠷᠢ ᠭᠤᠴᠢᠨ ᠬᠤᠨᠤᠭ ᠢᠶᠠᠷ ᠶᠠᠪᠤᠨ᠎ᠠ ᠭᠡᠳᠡᠭ ᠴᠢᠨᠢ ᠪᠠᠰᠠ ᠴᠦ ᠠᠮᠠᠷ | ᠦᠭᠡᠢ ᠤᠴᠢᠷ ᠰᠢᠦ︕︾ ᠭᠡᠵᠤ᠂ ᠮᠠᠰᠢ ᠰᠡᠳᠬᠢᠯ ᠲᠤᠭᠳᠤᠯᠤᠩᠭᠤᠢ ᠲᠤᠷᠠᠳᠬᠠᠯ ᠪᠤᠯᠭᠠᠨ ᠶᠠᠷᠢᠬᠤ ᠶᠢᠨ ᠲᠠᠭᠠᠤ | ᠤᠷᠳᠤ ᠶᠢᠨ ᠲᠠᠭᠤᠴᠢᠨ ᠲᠠᠷᠢᠮᠡ ᠨᠠᠰᠤᠳᠠᠨ ᠪᠤᠯᠤᠨ ᠤᠷᠤᠨ ᠤ ᠲᠤᠭᠤᠷᠢᠨ ᠲᠤᠭᠯᠠᠬᠤ ᠪᠦᠯᠬᠦᠮ ᠤᠨ ᠭᠡᠰᠢᠬᠦᠨ | ᠪᠤᠯᠵᠤ᠂ ᠮᠠᠤ ᠲᠡᠷᠢᠬᠦᠯᠡᠭᠴᠢ ᠵᠡᠷᠭᠡ ᠨᠠᠮ ᠲᠦᠷᠦ ᠶᠢᠨ ᠠᠭᠤᠤ ᠬᠦᠮᠤᠰ ᠲᠠᠢ ᠠᠭᠤᠯᠵᠠᠵᠤ ᠪᠠᠶᠢᠭᠰᠠᠨ ᠲᠤᠭᠯᠠᠭᠴᠢ | ᠷᠤᠯᠭᠠᠮᠠ᠂ ᠪᠠᠭ᠎ᠠ ᠨᠤᠷᠵᠢᠮ᠎ᠡ ᠨᠠᠷ ᠤᠨ ᠲᠤᠬᠠᠢ ᠴᠦ ᠤᠴᠢᠷᠳᠡᠢ ᠰᠠᠶᠢᠬᠠᠨ ᠶᠠᠷᠢᠵᠤ ᠪᠢᠯᠡ᠃ | ᠡᠳᠡᠭᠡᠷ ᠪᠦᠬᠦᠨ ᠨᠢ ︽ᠤᠳᠬ᠎ᠠ ᠤᠷᠠᠯᠢᠭ ᠠᠷᠠᠳ ᠲᠦᠮᠡᠨ ᠳᠤ ᠦᠢᠯᠡᠴᠢᠯᠡᠬᠦ︾ ᠤᠯᠠᠭᠠᠨᠮᠦ᠋ᠴᠢᠷ ᠤᠨ | ᠵᠤᠷᠢᠭ ᠰᠠᠨᠠᠭᠠᠨ ᠤ ᠬᠤᠷᠢᠶᠠᠩᠭᠤᠢ ᠲᠤᠰᠬᠠᠯ ᠪᠤᠯᠤᠭᠰᠠᠨ ᠮᠡᠳᠤ ᠬᠠᠯᠠᠭᠤᠬᠠᠨ ᠰᠠᠨᠠᠭᠳᠠᠭᠰᠠᠨ ᠢᠶᠠᠷ ᠪᠢ ᠴᠦ ᠦᠪᠡᠷ | ᠤᠨ ᠡᠷᠭᠡ ᠦᠭᠡᠢ ᠠᠬᠠᠮᠠᠳ ᠨᠢᠭᠡ ᠦᠶ᠎ᠡ ᠶᠢᠨ ᠤᠷᠠᠯᠢᠭᠴᠢᠳ ᠢᠶᠠᠨ ᠪᠢᠰᠢᠷᠡᠨ ᠬᠦᠨᠳᠤᠳᠭᠡᠬᠦ ᠪᠤᠯᠪᠠ᠃ | ᠰᠢᠨ᠎ᠡ ᠮᠢᠩᠭᠠᠨ ᠤ ᠦᠤᠷ ᠤᠨ ᠲᠤᠶᠠᠭᠠᠨ ᠲᠡᠭᠡᠷ᠎ᠡ — ᠰᠢᠵᠢᠷ ᠠᠯᠳᠠᠨ ᠴᠠᠭ ᠦᠶ᠎ᠡ ᠪᠠᠨ ᠤᠭᠳᠤᠨ | ᠠᠪᠤᠭᠰᠠᠨ ᠨᠢ | ᠲᠤᠬᠠᠢ ᠶᠢᠨ ᠦᠶ᠎ᠡ ᠶᠢᠨ ᠪᠡᠷᠭᠡ ᠬᠠᠳᠠᠭᠤ ᠲᠡᠤᠭᠡᠨ ᠠᠬᠤᠢ ᠪᠠᠶᠢᠳᠠᠯ ᠲᠤᠤᠷ᠎ᠡ᠂ ᠬᠦᠪᠡᠭᠡᠳᠤ ᠰᠢᠷ᠎ᠡ | ᠬᠤᠰᠢᠭᠤᠨ ᠤ ᠤᠯᠠᠭᠠᠨᠮᠦ᠋ᠴᠢᠷ ᠨᠢ ︽ᠦᠨᠳᠤᠰᠤᠨ ᠱᠠᠳᠤᠨ ᠳᠤ ᠬᠦᠨᠵᠡᠭᠡᠶᠢᠷᠡᠨ᠂ ᠠᠷᠠᠳ ᠲᠦᠮᠡᠨ ᠳᠤ | ᠦᠢᠯᠡᠴᠢᠯᠡᠬᠦ︾ ᠶᠢ ᠠᠵᠢᠯ ᠦᠢᠯᠡᠰ ᠤᠨ ᠢᠶᠠᠨ ᠲᠠᠷᠬᠠᠨ ᠬᠠᠷᠢᠭᠤᠴᠠᠯᠭ᠎ᠠ ᠪᠤᠯᠭᠠᠵᠤ᠂ ᠪᠤᠯᠪᠠᠰᠤᠷᠠᠯ ᠢᠶᠠᠨ ᠪᠠᠶᠢᠩᠭᠤ | ᠶᠢᠨ ᠴᠢᠨᠠᠷᠳᠠᠢ ᠬᠢᠳᠡᠭ ᠢᠶᠠᠷ ᠰᠠᠴᠡᠨᠪᠢᠯᠢᠭ᠂ ᠯᠢ ᠪᠦᠸᠧ᠂ ᠨᠠᠰᠤᠨ᠂ ᠢᠳᠰᠢᠨ ᠮᠡᠳᠤ ᠶᠢᠨ ᠤᠯᠤᠰ ᠤᠷᠤᠨ ᠳᠤ | ᠨᠠᠷ᠎ᠡ ᠠᠯᠳᠠᠷᠰᠢᠭᠰᠠᠨ ᠨᠢᠭᠡ ᠪᠦᠯᠦᠭ ᠤᠷᠠᠯᠢᠭᠴᠢᠳ ᠴᠤᠯᠭᠤᠷᠠᠨ ᠭᠠᠷᠤᠭᠰᠠᠨ ᠢᠶᠠᠷ ᠦᠯᠦ ᠪᠠᠷᠠᠨ᠂ ᠢᠯᠠᠩᠭᠤᠶ᠎ᠡ | ᠨᠠᠮ ᠤᠨ ᠦᠭᠡᠷᠡᠴᠢᠯᠡᠯᠳᠡ ᠨᠡᠭᠡᠭᠡᠯᠳᠡ ᠶᠢᠨ ᠲᠦᠷᠦ ᠶᠢᠨ ᠪᠤᠳᠤᠯᠭ᠎ᠠ ᠶᠢᠨ ᠡᠷᠴᠢᠨ ᠲᠡᠭᠡᠷ᠎ᠡ᠂ ᠦᠨᠳᠤᠰᠤᠳᠡᠨ ᠤ | ᠰᠤᠶᠤᠯ ᠤᠨ ᠲᠤᠮᠤ ᠤᠷᠤᠨ ᠠᠴᠠ ᠬᠦᠴᠦᠷᠭᠡᠭ ᠤᠷᠤᠨ ᠢ ᠪᠠᠶᠢᠭᠤᠯᠬᠤ ᠲᠠᠶᠢᠴᠢᠨ ᠤᠷᠢᠶᠠᠯᠭ᠎ᠠ ᠨᠢ ︽ᠰᠤᠶᠤᠯ ᠤᠨ | ᠬᠤᠪᠢᠰᠬᠠᠯ︾ ᠤᠨ ᠬᠤᠤᠷ ᠨᠦᠯᠦᠭᠡᠨ ᠳᠤ ᠲᠠᠷᠴᠠᠭ ᠲᠠᠭᠠᠨ ᠲᠤᠯᠳᠠᠯ᠎ᠠ ᠠᠪᠳᠠᠭᠳᠠᠭᠰᠠᠨ ᠤᠯᠠᠭᠠᠨᠮᠦ᠋ᠴᠢᠷ ᠲᠤ ᠮᠢᠨᠢ | ᠬᠤᠶᠠᠳᠠᠬᠢ ᠤᠳᠠᠭᠠᠨ ᠤ ᠠᠮᠢ ᠨᠠᠰᠤ ᠤᠯᠭᠤᠭᠰᠠᠨ ᠢᠶᠠᠷ ᠴᠠᠭ ᠦᠶ᠎ᠡ ᠶᠢᠨ ᠬᠦᠭᠵᠢᠯᠳᠡ ᠲᠠᠢ ᠪᠠᠨ ᠠᠯᠬᠤᠭ᠎ᠠ | ᠨᠢᠭᠡᠳᠴᠦ᠂ ᠠᠮᠵᠢᠯᠳᠠ ᠪᠦᠳᠤᠮᠵᠢ ᠨᠢ ᠵᠢᠯ ᠢᠷᠡᠬᠦ ᠲᠤᠳᠤᠮ ᠢᠯᠡᠳᠳᠡ ᠪᠤᠯᠵᠤ᠂ ᠤᠳᠤ ᠪᠤᠯᠬᠤ ᠳᠤ ᠤᠷᠠᠯᠢᠭ ᠤᠨ | ᠲᠤᠰᠬᠠᠢ ᠮᠡᠷᠭᠡᠵᠢᠯ ᠲᠡᠬᠦᠰᠦᠭᠰᠡᠨ 32 ᠨᠡᠷ᠎ᠡ ᠭᠡᠰᠢᠬᠦᠨ ᠲᠠᠢ᠂ ᠪᠦᠷᠢᠨ ᠲᠦᠬᠦᠭᠡᠷᠤᠮᠵᠢᠳᠤ ᠡᠯ᠎ᠡ ᠵᠦᠢᠯ ᠤᠨ | ᠬᠦᠭᠵᠢᠮ ᠤᠨ ᠵᠢᠮᠰᠡᠭ ᠲᠠᠢ᠂ ᠶᠤᠰᠤᠳᠠᠢ ᠨᠠᠷᠠ ᠨᠢᠳᠡᠷ ᠲᠡᠭᠡᠨ ᠲᠡᠩᠴᠡᠭᠰᠡᠨ ᠤᠳᠬ᠎ᠠ ᠤᠷᠠᠯᠢᠭ ᠤᠨ ᠨᠢᠭᠡᠨ | ᠰᠠᠯᠠᠭ᠎ᠠ ᠡᠩᠨᠡᠭᠡ ᠪᠤᠯᠵᠤ᠂ ᠨᠡᠶᠢᠭᠡᠮ ᠲᠠᠶᠠᠭᠠᠷ ᠤᠨ ᠬᠠᠯᠠᠭᠤᠨ ᠤᠭᠳᠤᠯᠭ᠎ᠠ ᠶᠢ ᠤᠯᠤᠭᠰᠠᠭᠠᠷ ᠪᠠᠶᠢᠨ᠎ᠡ᠃ | ᠲᠤᠬᠠᠶᠢᠯᠠᠪᠠᠯ᠂ ᠲᠤᠰ ᠤᠯᠠᠭᠠᠨᠮᠦ᠋ᠴᠢᠷ ᠨᠢ ᠤᠷᠢᠳ ᠬᠤᠵᠢᠳ ︽ᠪᠦᠬᠦ ᠤᠯᠤᠰ ᠤᠨ ᠲᠡᠷᠢᠬᠦᠨ ᠤ ᠤᠯᠠᠭᠠᠨᠮᠦ᠋ᠴᠢᠷ︾ | ᠂ ︽ᠦᠪᠡᠷᠳᠡᠭᠡᠨ ᠵᠠᠰᠠᠬᠤ ᠤᠷᠤᠨ ᠤ ᠠᠷᠪᠠᠨ ᠰᠤᠳᠤᠨ ᠤᠯᠠᠭᠠᠨᠮᠦ᠋ᠴᠢᠷ︾᠂ ︽ᠪᠦᠬᠦ ᠠᠶᠢᠮᠠᠭ ᠤᠨ ᠰᠢᠯᠢᠳᠡᠭ | ᠤᠯᠠᠭᠠᠨᠮᠦ᠋ᠴᠢᠷ︾ ᠵᠡᠷᠭᠡ ᠶᠢᠨ ᠤᠯᠠᠨ ᠠᠷᠪᠢᠨ ᠢᠷᠠᠭᠤ ᠠᠯᠳᠠᠷ ᠲᠤᠰᠴᠦ᠂ ᠲᠤᠭᠯᠠᠯᠳᠠ ᠶᠢᠨ ᠲᠠᠯ᠎ᠡ ᠪᠠᠷ 2004 | ᠤᠨ ᠳᠤ ᠰᠢᠯᠢ ᠶᠢᠨ ᠭᠤᠤᠯ ᠠᠶᠢᠮᠠᠭ ᠤᠨ ᠠᠩᠬᠠᠳᠤᠭᠠᠷ ᠬᠤᠭᠤᠴᠠᠭᠠᠨ ᠤ ᠮᠤᠩᠭᠤᠯ ᠬᠤᠪᠴᠠᠰᠤ ᠵᠠᠰᠠᠯ ᠤᠨ | ᠵᠢᠷᠤᠭ ᠲᠦᠯᠦᠪᠯᠡᠭᠡ ᠪᠡ ᠦᠨᠳᠤᠰᠤᠳᠡᠨ ᠤ ᠠᠷᠠᠳ ᠤᠨ ᠭᠠᠷ ᠤᠷᠠᠯᠠᠯ ᠤᠨ ᠪᠦᠳᠦᠭᠡᠭᠳᠡᠬᠦᠨ ᠤ ᠲᠡᠯᠭᠡᠨ | ᠦᠵᠡᠬᠦᠯᠦᠯᠭᠡ ᠶᠢᠨ ᠶᠡᠭᠡ ᠮᠦᠷᠦᠶᠢᠴᠡᠭᠡᠨ ᠳᠤ ᠲᠤᠰ ᠤᠯᠠᠭᠠᠨᠮᠦ᠋ᠴᠢᠷ ᠴᠤ᠋ ᠰᠢᠨ᠎ᠡ ᠵᠤᠬᠢᠶᠠᠵᠤ ᠨᠠᠶᠢᠷᠠᠭᠤᠯᠬᠤ | ᠰᠡᠳᠬᠢᠴᠡ ᠪᠡ ᠲᠤᠭᠯᠠᠬᠤ ᠤᠷ᠎ᠡ ᠮᠡᠷᠭᠡᠵᠢᠯ ᠢᠶᠠᠷ ᠢᠶᠠᠨ ᠨᠢᠭᠡᠳᠤᠭᠡᠷ ᠲᠡᠰ ᠤᠨ ᠱᠠᠩᠨᠠᠯ 5᠂ ᠬᠤᠶᠠᠳᠤᠭᠠᠷ ᠲᠡᠰ ᠤᠨ | ᠱᠠᠩᠨᠠᠯ 1᠂ ᠭᠤᠷᠪᠠᠳᠤᠭᠠᠷ ᠲᠡᠰ ᠤᠨ ᠱᠠᠩᠨᠠᠯ 3 ᠶᠢ ᠲᠤᠰᠴᠦ᠂ ᠬᠤᠪᠴᠠᠰᠤ ᠵᠠᠰᠠᠯ ᠤᠨ ᠵᠢᠷᠤᠭ ᠲᠦᠯᠦᠪᠯᠡᠭᠡ᠂ | ᠲᠤᠭᠯᠠᠯᠳᠠ᠂ ᠠᠶ᠎ᠠ ᠵᠤᠬᠢᠴᠠᠭᠤᠯᠬᠤ ᠵᠤᠬᠢᠶᠡᠨ ᠪᠦᠳᠦᠭᠡᠯᠭᠡ ᠵᠡᠷᠭᠡ 9 ᠱᠠᠩᠨᠠᠯ ᠢ ᠲᠤᠰᠤᠭᠰᠠᠨ ᠪᠠᠶᠢᠨ᠎ᠡ᠃ 2004 | ᠤᠨ ᠤ ᠰᠢᠯᠢ ᠶᠢᠨ ᠭᠤᠤᠯ ᠠᠶᠢᠮᠠᠭ ᠤᠨ ᠠᠩᠬᠠᠳᠤᠭᠠᠷ ᠬᠤᠭᠤᠴᠠᠭᠠᠨ ᠤ ᠲᠤᠰᠬᠠᠢ ᠮᠡᠷᠭᠡᠵᠢᠯ ᠤᠨ ᠪᠦᠵᠢᠭ ᠤᠨ | ᠤᠷᠤᠯᠳᠤᠭᠠᠨ ᠳᠤ ᠲᠤᠬᠢᠷᠠᠭᠤᠯᠤᠭᠰᠠᠨ ᠬᠤᠶᠠᠷᠬᠠᠨ ᠠᠯᠳᠠᠨ ᠮᠧᠳᠡᠯ ᠤᠨ ᠱᠠᠩᠨᠠᠯ ᠢ ᠲᠤᠰ ᠤᠯᠠᠭᠠᠨᠮᠦ᠋ᠴᠢᠷ ᠨᠢ | ᠬᠠᠮᠳᠤ ᠶᠢᠨ ᠪᠦᠵᠢᠭ ︽ᠵᠢᠪᠬᠤᠯᠠᠩᠳᠤ ᠦᠷᠯᠦᠭᠡ︾᠂ ᠭᠤᠴᠤᠯᠠᠯ ᠪᠦᠵᠢᠭ ︽ᠮᠦᠩᠭᠡ ᠲᠡᠭᠷᠢ ᠶᠢᠨ ᠤᠷᠭᠠᠴᠢᠨ︾ | ᠢᠶᠠᠷ ᠢᠶᠠᠨ ᠠᠯᠠᠭ ᠦᠭᠡᠢ ᠠᠪᠤᠭᠰᠠᠨ ᠪᠠᠶᠢᠯ᠎ᠡ᠃ 2005 ᠤᠨ ᠤ 7 ᠰᠠᠷ᠎ᠡ ᠳᠤ ᠡᠷᠬᠢᠯᠡᠭᠰᠡᠨ ︽ᠸᠠᠩ ᠲᠦᠩ | ᠬᠤᠨᠳᠠᠭᠠᠳᠤ︾ ᠪᠦᠬᠦ ᠠᠶᠢᠮᠠᠭ ᠤᠨ ᠤᠯᠠᠭᠠᠨᠮᠦ᠋ᠴᠢᠷ ᠤᠨ ᠤᠷᠠᠨ ᠰᠠᠶᠢᠬᠠᠨ ᠤ ᠴᠤᠭᠯᠠᠭᠠᠨ ᠳᠤ ᠲᠤᠰ ᠬᠤᠰᠢᠭᠤᠨ ᠤ | ᠤᠯᠠᠭᠠᠨᠮᠦ᠋ᠴᠢᠷ ᠪᠦᠯᠬᠦᠮ ᠨᠢᠭᠡᠴᠡ ᠶᠢᠨ ᠲᠡᠷᠢᠬᠦᠨ ᠱᠠᠩᠨᠠᠯ ᠢ ᠠᠪᠴᠦ᠂ ᠬᠠᠮᠳᠤ ᠶᠢᠨ ᠪᠦᠵᠢᠭ ︽ᠠᠳᠤᠭᠤᠴᠢᠨ︾ | ᠨᠢ ᠵᠤᠬᠢᠶᠡᠨ ᠪᠦᠳᠦᠭᠡᠯᠭᠡ ᠶᠢᠨ 1 ᠳ᠋ᠤᠭᠡᠷ ᠲᠡᠰ᠂ ᠲᠤᠭᠯᠠᠯᠳᠠ ᠶᠢᠨ 2 ᠳ᠋ᠤᠭᠠᠷ ᠲᠡᠰ ᠲᠤ ᠲᠤᠳᠤᠷᠡᠨ᠂ | ᠡᠷᠡᠭᠳᠡᠶᠢᠴᠤᠳ ᠤᠨ ᠬᠠᠮᠳᠤ ᠶᠢᠨ ᠪᠦᠵᠢᠭ ︽ᠲᠠᠯ᠎ᠡ ᠨᠤᠳᠤᠭ ᠤᠨ ᠡᠵᠡᠳ︾ ᠨᠢ ᠦᠵᠡᠬᠦᠯᠦᠯᠭᠡ ᠶᠢᠨ ᠲᠤᠭᠯᠠᠯᠳᠠ | ᠶᠢᠨ 2 ᠳ᠋ᠤᠭᠠᠷ ᠲᠡᠰ᠂ ︽ᠵᠢᠪᠬᠤᠯᠠᠩᠳᠤ ᠦᠷᠯᠦᠭᠡ︾ ᠭᠡᠬᠦ ᠬᠠᠮᠳᠤ ᠶᠢᠨ ᠪᠦᠵᠢᠭ ᠨᠢ ᠵᠤᠬᠢᠶᠡᠨ ᠪᠦᠳᠦᠭᠡᠯᠭᠡ ᠶᠢᠨ | 2 ᠳ᠋ᠤᠭᠠᠷ ᠲᠡᠰ᠂ ᠲᠤᠭᠯᠠᠯᠳᠠ ᠶᠢᠨ 1 ᠳ᠋ᠤᠭᠡᠷ ᠲᠡᠰ ᠢ ᠠᠪᠴᠦ᠂ ︽ᠵᠤᠨ ᠤ ᠤᠶᠠᠩᠭ᠎ᠠ︾ ᠭᠡᠬᠦ ᠠᠷᠠᠳ ᠤᠨ | ᠬᠦᠭᠵᠢᠮ ᠤᠨ ᠨᠠᠶᠢᠷᠠᠯ ᠨᠢ ᠵᠤᠬᠢᠶᠡᠨ ᠪᠦᠳᠦᠭᠡᠯᠭᠡ ᠶᠢᠨ 2 ᠳ᠋ᠤᠭᠠᠷ ᠲᠡᠰ ᠲᠤ ᠪᠠᠶᠢᠷᠢ ᠠᠪᠴᠦ᠂ ︽ᠬᠦᠷ | ᠪᠢᠯᠬᠠᠭᠰᠠᠨ ᠬᠦᠪᠡᠭᠡᠳᠤ ᠰᠢᠷ᠎ᠡ︾ ᠭᠡᠬᠦ ᠬᠤᠯᠪᠤᠭ᠎ᠠ ᠨᠢ ᠵᠤᠬᠢᠶᠡᠨ ᠪᠦᠳᠦᠭᠡᠯ ᠤᠨ 1 ᠳ᠋ᠤᠭᠡᠷ ᠲᠡᠰ᠂ ᠲᠤᠭᠯᠠᠯᠳᠠ | ᠶᠢᠨ 2 ᠳ᠋ᠤᠭᠠᠷ ᠲᠡᠰ ᠲᠤ ᠤᠷᠤᠪᠠ᠃ ᠮᠦᠨ ᠲᠤᠰ ᠵᠢᠯ ᠤᠨ 8 ᠰᠠᠷ᠎ᠡ ᠶᠢᠨ 23 ᠤ ᠡᠳᠤᠷ ᠬᠢᠩᠭᠠᠨ ᠠᠶᠢᠮᠠᠭ ᠲᠤ | ᠡᠷᠬᠢᠯᠡᠭᠰᠡᠨ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠩᠬᠠᠳᠤᠭᠠᠷ ᠬᠤᠭᠤᠴᠠᠭᠠᠨ ᠤ ᠦᠯᠢᠭᠡᠷ | ᠤᠷᠠᠯᠢᠭ ᠤᠨ ᠨᠠᠶᠢᠷ ᠵᠢᠴᠢ ᠲᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠦᠯᠢᠭᠡᠷ ᠬᠤᠯᠪᠤᠭᠠᠨ ᠤ ᠶᠡᠭᠡ | ᠮᠦᠷᠦᠶᠢᠴᠡᠭᠡᠨ ᠳᠤ ᠲᠤᠰ ᠤᠯᠠᠭᠠᠨᠮᠦ᠋ᠴᠢᠷ 3 ᠳ᠋ᠤᠭᠠᠷ ᠲᠡᠰ ᠤᠨ ᠱᠠᠩᠨᠠᠯ᠂ ᠰᠢᠯᠢᠳᠡᠭ ᠱᠠᠩᠨᠠᠯ ᠪᠡ ᠵᠤᠬᠢᠶᠡᠨ | ᠪᠠᠶᠢᠭᠤᠯᠤᠭᠰᠠᠨ ᠱᠠᠩᠨᠠᠯ ᠢ ᠲᠤᠰ ᠲᠤᠰ ᠬᠦᠷᠳᠡᠵᠤ᠂ 8 ᠰᠠᠷ᠎ᠡ ᠶᠢᠨ 28 ᠤ ᠡᠳᠤᠷ ᠨᠡᠶᠢᠰᠯᠡᠯ ᠪᠡᠭᠡᠵᠢᠩ ᠳᠤ | ᠶᠠᠪᠤᠭᠳᠠᠭᠰᠠᠨ ᠰᠤᠶᠤᠯ ᠤᠨ ᠶᠠᠮᠤᠨ᠂ ᠰᠤᠷᠭᠠᠨ ᠬᠦᠮᠤᠵᠢᠯ ᠤᠨ ᠶᠠᠮᠤᠨ ᠵᠡᠷᠭᠡ 6 ᠰᠠᠯᠠᠭ᠎ᠠ ᠮᠦᠴᠢᠷ ᠠᠴᠠ | ᠬᠠᠮᠳᠤᠷᠠᠨ ᠡᠷᠬᠢᠯᠡᠭᠰᠡᠨ ᠪᠦᠬᠦ ᠤᠯᠤᠰ ᠤᠨ ᠵᠢᠷᠤᠮ ᠤᠨ ᠲᠤᠭᠯᠠᠯᠳᠠ ᠶᠢᠨ ᠠᠪᠢᠶᠠᠰ ᠴᠢᠳᠠᠪᠤᠷᠢᠳᠡᠨ ᠢ | ᠰᠢᠯᠭᠠᠷᠠᠭᠤᠯᠬᠤ ᠶᠡᠷᠤᠩᠭᠡᠢ ᠰᠢᠢᠳᠪᠤᠷᠢᠳᠤ ᠤᠷᠤᠯᠳᠤᠭᠠᠨ ᠤ ᠪᠦᠵᠢᠭ ᠤᠨ ᠲᠦᠷᠦᠯ ᠤᠨ ᠤᠷᠤᠯᠳᠤᠭᠠᠨ ᠳᠤ | ᠲᠤᠭᠯᠠᠭᠴᠢ ᠢᠷᠠᠭᠤᠬᠠᠨ ︽ᠠᠳᠤᠭᠤᠴᠢᠨ︾ ᠭᠡᠬᠦ ᠭᠤᠴᠤᠯᠠᠯ ᠪᠦᠵᠢᠭ ᠢᠶᠠᠷ ᠢᠶᠠᠨ ᠠᠯᠳᠠᠨ ᠮᠧᠳᠡᠯ ᠤᠨ ᠤᠨᠴᠠᠭᠠᠢ | ᠱᠠᠩᠨᠠᠯ ᠠᠪᠴᠦ᠂ ᠠᠷᠠᠳ ᠤᠨ ᠬᠦᠭᠵᠢᠮ ᠤᠨ ᠲᠦᠷᠦᠯ ᠤᠨ ᠤᠷᠤᠯᠳᠤᠭᠠᠨ ᠳᠤ ᠤᠷᠠᠨᠡ ᠶᠢᠨ ᠬᠦᠭᠵᠢᠮᠳᠡᠭᠰᠡᠨ | ᠬᠤᠪᠢᠰ ᠤᠨ ᠭᠤᠴᠤᠯᠠᠯ ︽ᠠᠴᠢᠳᠤ︾ ᠠᠯᠳᠠᠨ ᠮᠧᠳᠡᠯ ᠢᠶᠠᠷ ᠱᠠᠩᠨᠠᠭᠳᠠᠵᠤ᠂ ᠦᠨᠳᠤᠰᠤᠳᠡᠨ ᠤ ᠲᠠᠭᠤᠤ ᠶᠢᠨ | ᠲᠦᠷᠦᠯ ᠤᠨ ᠤᠷᠤᠯᠳᠤᠭᠠᠨ ᠳᠤ ᠨᠠᠴᠢᠨ ᠵᠡᠷᠭᠡ ᠭᠤᠷᠪᠡᠨ ᠲᠠᠭᠤᠴᠢᠨ ᠬᠦᠷᠡᠯ ᠮᠧᠳᠡᠯ ᠤᠯᠵᠤ᠂ ᠲᠤᠰ | ᠤᠯᠠᠭᠠᠨᠮᠦ᠋ᠴᠢᠷ ᠨᠢ ᠰᠢᠯᠢᠳᠡᠭ ᠵᠤᠬᠢᠶᠡᠨ ᠪᠠᠶᠢᠭᠤᠯᠤᠭᠰᠠᠨ ᠨᠢᠭᠡᠴᠡ ᠶᠢᠨ ᠱᠠᠩᠨᠠᠯ ᠢ ᠭᠠᠷᠳᠠᠵᠤ ᠪᠢᠯᠡ᠃ ᠡᠬᠦᠨ ᠢᠶᠠᠷ | ᠦᠯᠦ ᠪᠠᠷᠠᠨ ᠬᠠᠮᠳᠤ ᠶᠢᠨ ᠪᠦᠵᠢᠭ ︽ᠵᠢᠪᠬᠤᠯᠠᠩᠳᠤ ᠦᠷᠯᠦᠭᠡ︾ ᠪᠠᠷ ᠢᠶᠠᠨ ᠦᠪᠡᠷᠳᠡᠭᠡᠨ ᠵᠠᠰᠠᠬᠤ ᠤᠷᠤᠨ ᠤ | ᠲᠠᠪᠦ ᠨᠢᠭᠡ ᠶᠢᠨ ᠢᠨᠵᠧᠨᠧᠷᠢᠩ ᠤᠨ ᠱᠠᠩᠨᠠᠯ᠂ ᠬᠤᠯᠪᠤᠭ᠎ᠠ ︽ᠬᠦᠷ ᠪᠢᠯᠬᠠᠭᠰᠠᠨ ᠬᠦᠪᠡᠭᠡᠳᠤ ᠰᠢᠷ᠎ᠡ︾ ᠪᠠᠷ ᠢᠶᠠᠨ | ᠦᠪᠡᠷᠳᠡᠭᠡᠨ ᠵᠠᠰᠠᠬᠤ ᠤᠷᠤᠨ ᠤ ᠰᠠᠷᠠᠨ᠎ᠠ ᠱᠠᠩᠨᠠᠯ᠂ ᠡᠮᠡᠭᠳᠡᠶᠢᠴᠤᠳ ᠤᠨ ᠬᠠᠮᠳᠤ ᠶᠢᠨ ᠪᠦᠵᠢᠭ ︽ᠤᠷᠠᠨ ᠦᠢᠯᠡ | ᠶᠢᠨ ᠰᠤᠷ︾ ᠪᠠᠷ ᠢᠶᠠᠨ ᠦᠪᠡᠷᠳᠡᠭᠡᠨ ᠵᠠᠰᠠᠬᠤ ᠤᠷᠤᠨ ᠤ ᠲᠠᠪᠤᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ | ᠤᠷᠠᠯᠢᠭ ᠤᠨ ᠴᠢᠭᠤᠯᠭᠠᠨ ᠤ ᠵᠤᠬᠢᠶᠡᠯ ᠪᠦᠳᠦᠭᠡᠯ ᠤᠨ ᠨᠢᠭᠡᠳᠤᠭᠡᠷ ᠲᠡᠰ ᠤᠨ ᠱᠠᠩᠨᠠᠯ᠂ ᠪᠦᠵᠢᠭᠳᠦ ᠵᠦᠴᠦᠭᠡ ︽ | ᠤᠩᠭᠤᠯ ᠰᠠᠷᠠᠯ︾ ᠨᠢ ᠠᠷᠪᠠᠨ ᠨᠢᠭᠡᠳᠤᠭᠡᠷ ᠬᠤᠭᠤᠴᠠᠭᠠᠨ ᠤ ︽ᠲᠤᠮᠳᠠᠳᠤ ᠤᠯᠤᠰ · ᠦᠪᠤᠷ ᠮᠤᠩᠭᠤᠯ ᠤᠨ ᠲᠠᠯ᠎ᠡ | ᠨᠤᠳᠤᠭ ᠤᠨ ᠰᠤᠶᠤᠯ ᠤᠨ ᠨᠠᠶᠢᠷ︾ ᠤᠨ ᠡᠬᠢᠯᠡᠯᠳᠡ ᠶᠢᠨ ᠲᠤᠭᠯᠠᠯᠳᠠ ᠳᠤ ᠰᠤᠩᠭᠤᠭᠳᠠᠵᠤ᠂ ᠪᠠᠰᠠ ᠰᠢᠯᠢᠳᠡᠭ | ᠵᠦᠴᠦᠭᠡ ᠶᠢᠨ ᠱᠠᠩᠨᠠᠯ᠂ ᠤᠳᠤᠷᠢᠳᠤᠭᠠᠴᠢ ᠶᠢᠨ ᠲᠤᠭᠤᠶᠢᠯᠠᠩ ᠤᠨ ᠱᠠᠩᠨᠠᠯ᠂ ᠭᠤᠤᠯ ᠲᠤᠭᠯᠠᠭᠴᠢ ᠶᠢᠨ ᠲᠦᠷᠢ | ᠪᠦᠳᠦᠭᠡᠯᠳᠡ ᠶᠢᠨ ᠱᠠᠩᠨᠠᠯ ᠢ ᠲᠤᠰ ᠲᠤᠰ ᠲᠤᠰᠴᠦ᠂ ᠪᠠᠰᠠ ᠤᠷᠤᠨ ᠤ ᠨᠠᠮ ᠤᠨ ᠬᠤᠷᠢᠶᠡᠨ ᠤ ᠤᠬᠠᠭᠤᠯᠬᠤ | ᠭᠡᠯᠳᠡᠰ ᠤᠨ ᠲᠤᠬᠢᠷᠠᠭᠤᠯᠤᠯᠳᠠ ᠪᠠᠷ ᠵᠡᠬᠦᠨ ᠭᠡᠳᠤᠨ ᠠᠶᠢᠮᠠᠭ ᠬᠤᠳᠠ ᠪᠠᠷ ᠰᠢᠯᠢᠳᠡᠭ ᠵᠦᠴᠦᠭᠡ ᠶᠢᠨ ᠲᠤᠰᠬᠠᠢ | ᠲᠤᠭᠤᠷᠢᠨ ᠲᠤᠭᠯᠠᠯᠳᠠ ᠬᠢᠭᠰᠡᠨ ᠪᠠᠶᠢᠨ᠎ᠡ᠃ ᠲᠤᠰ ᠤᠯᠠᠭᠠᠨᠮᠦ᠋ᠴᠢᠷ ᠨᠢ 2011 ᠤᠨ ᠠᠴᠠ ᠡᠬᠢᠯᠡᠵᠤ᠂ ᠤᠯᠤᠰ | ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠲᠡᠮᠳᠡᠭᠯᠡᠬᠦᠯᠦᠭᠰᠡᠨ ︽ᠠᠰᠤᠷᠤ ᠠᠶᠠᠯᠭᠤ︾ ᠪᠠᠷ ᠢᠶᠠᠨ | ᠤᠷᠤᠨ ᠨᠤᠳᠤᠭ ᠤᠨ ᠰᠤᠶᠤᠯ ᠤᠨ ᠨᠡᠷᠡᠳᠤ ᠲᠡᠮᠳᠡᠭ ᠡᠬᠦᠳᠬᠦ ᠬᠠᠨᠳᠤᠯᠭ᠎ᠠ ᠵᠤᠷᠢᠯᠳᠠ ᠳᠤ ᠴᠢᠭᠯᠡᠬᠦᠯᠵᠤ᠂ ᠤᠷᠳᠤᠨ | ᠤ ᠬᠦᠭᠵᠢᠮ ᠤᠨ ᠠᠶᠠᠯᠭᠤ ᠪᠤᠯᠬᠤ ︽ᠠᠰᠤᠷᠤ ᠠᠶᠠᠯᠭᠤ︾ ᠶᠢ ᠨᠠᠶᠢᠷᠠᠭᠤᠯᠤᠨ ᠬᠦᠭᠵᠢᠮᠳᠡᠬᠦ ᠲᠠᠯ᠎ᠡ ᠳᠤ ᠶᠡᠭᠡᠳᠡ | ᠬᠦᠴᠦ ᠤᠷᠤᠭᠤᠯᠤᠨ᠂ ᠤᠳᠤ ᠪᠤᠯᠬᠤ ᠳᠤ ︽ᠠᠰᠤᠷᠤ ᠠᠶ᠋ᠯᠠᠭᠤ︾ ᠭᠡᠮᠡᠬᠦ ᠨᠢᠭᠡ ᠲᠠᠯᠠᠪᠠᠢ ᠲᠤᠭᠯᠠᠯᠳᠠ ᠪᠠᠷ ᠢᠶᠠᠨ | ᠤᠯᠤᠰ ᠤᠨ ᠲᠤᠳᠤᠭᠠᠳᠤ ᠭᠠᠳᠠᠭᠠᠳᠤ ᠶᠢᠨ ᠦᠵᠡᠭᠴᠢᠳ ᠠᠴᠠ ᠠᠪᠤᠭᠠᠳ ᠨᠢᠭᠡ ᠪᠦᠯᠦᠭ ᠲᠤᠰᠬᠠᠢ ᠮᠡᠷᠭᠡᠵᠢᠯᠳᠡᠨ ᠤ | ᠠᠩᠬᠠᠷᠤᠯ ᠳᠤ ᠬᠦᠷᠴᠦ᠂ ᠨᠡᠶᠢᠰᠯᠡᠯ ᠪᠡᠭᠡᠵᠢᠩ ᠳᠤ ᠪᠤᠯᠤᠭᠰᠠᠨ ᠲᠠᠯᠡᠭᠡᠢ ᠶᠢᠨ 16 ᠤᠯᠤᠰ ᠤᠷᠤᠨ ᠤ ︽ᠲᠡᠯᠡᠭᠡᠢ | ᠶᠢᠨ ᠤᠯᠠᠨ ᠤᠯᠤᠰ ᠤᠨ ᠤᠷᠳᠤᠨ ᠤ ᠬᠦᠭᠵᠢᠮ ᠤᠨ ᠦᠵᠡᠬᠦᠯᠦᠯᠭᠡ︾ ᠳᠤ ᠤᠷᠤᠯᠴᠠᠭᠰᠠᠨ ᠲᠡᠤᠭᠡ ᠨᠠᠮᠳᠠᠷ ᠲᠠᠢ | ᠪᠠᠶᠢᠵᠤ᠂ ᠢᠯᠠᠩᠭᠤᠶ᠎ᠡ ᠡᠨᠡ ᠵᠢᠯ ᠤᠨ ᠬᠤᠪᠢᠨ ᠳᠤ ᠮᠦᠨ ᠡᠨᠡᠬᠦ ᠢᠵᠠᠭᠤᠷ ᠤᠷᠠᠯᠢᠭ ᠤᠨ ᠲᠤᠭᠯᠠᠯᠳᠠ ᠪᠠᠷ ᠢᠶᠠᠨ | ᠠᠶᠢᠮᠠᠭ ᠤᠷᠤᠨ ᠤ ᠬᠢᠨᠡᠨ ᠰᠢᠯᠭᠠᠯᠳᠠ ᠶᠢ ᠬᠦᠯᠢᠶᠡᠵᠤ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ | ᠪᠠᠶᠢᠭᠤᠯᠤᠭᠳᠠᠭᠰᠠᠨ 70 ᠵᠢᠯ ᠤᠨ ᠤᠢ ᠵᠢᠴᠢ ᠤᠯᠠᠭᠠᠨᠮᠦ᠋ᠴᠢᠷ ᠪᠠᠶᠢᠭᠤᠯᠤᠭᠳᠠᠭᠰᠠᠨ 60 ᠵᠢᠯ ᠤᠨ ᠤᠢ ᠶᠢ | ᠲᠤᠷᠠᠰᠬᠠᠨ ᠪᠡᠯᠬᠡᠯᠡᠬᠦ ᠦᠪᠡᠳᠡᠭᠰᠢ ᠪᠠᠶᠠᠷ ᠲᠤ ᠲᠤᠰᠬᠠᠢ ᠲᠤᠭᠯᠠᠭᠤᠯᠬᠤ ᠪᠠᠷ ᠲᠤᠭᠳᠠᠭᠰᠠᠨ ᠲᠤᠯᠠ ᠤᠳᠤ ᠶᠠᠭ ᠴᠠᠭ | ᠢ ᠵᠠᠪᠳᠤᠨ ᠮᠠᠰᠢ ᠶᠠᠭᠠᠷᠠᠯᠳᠠᠢ ᠪᠤᠯᠪᠠᠰᠤᠷᠴᠦ ᠪᠤᠢ᠃ ᠡᠶᠢᠮᠤ ᠪᠤᠯᠬᠤᠷ ᠲᠤᠰ ᠤᠯᠠᠭᠠᠨᠮᠦ᠋ᠴᠢᠷ ᠠᠴᠠ ᠲᠠᠭᠤᠴᠢᠨ | ᠤᠷᠢᠬᠠᠨ᠂ ᠨᠠᠴᠢᠨ᠂ ᠪᠦᠵᠢᠭᠴᠢᠨ ᠨᠠᠰᠤᠨᠪᠠᠶᠠᠷ᠂ ᠪᠦᠳᠦᠭᠡᠭᠴᠢ᠂ ᠢᠷᠠᠭᠤᠬᠠᠨ᠂ ᠬᠦᠭᠵᠢᠮᠴᠢᠨ ᠲᠡᠭᠵᠢᠯᠳᠤ᠂ | ᠪᠦᠷᠢᠩᠭᠤᠸ᠎ᠠ᠂ ᠤᠷᠠᠨ᠎ᠠ ᠵᠡᠷᠭᠡ ᠨᠢᠭᠡ ᠪᠦᠯᠦᠭ ᠵᠠᠯᠭᠠᠮᠵᠢ ᠦᠶ᠎ᠡ ᠶᠢᠨ ᠨᠦᠯᠦᠭᠡ ᠲᠤᠰᠬᠠᠯ ᠲᠠᠢ ᠲᠤᠭᠯᠠᠭᠴᠢ ᠦᠯᠮᠡᠢ | ᠵᠠᠯᠭᠠᠨ ᠬᠦᠮᠦᠵᠢᠭᠳᠡᠨ ᠭᠠᠷᠴᠦ ᠪᠢᠯᠡ᠃ ᠶᠠᠷᠢᠶᠡᠨ ᠦᠭᠡᠢ ᠡᠨᠡ ᠪᠦᠬᠦᠨ ᠳᠤ ᠠᠬᠠᠮᠠᠳ ᠤᠷᠠᠯᠢᠭᠴᠢᠨ ᠰᠦᠭᠡ᠂ | ᠬᠠᠩᠷᠠᠮ᠎ᠠ᠂ ᠰᠤ᠊ ᠊ ᠲᠤᠷᠵᠢᠵᠠᠪ᠂ ᠵᠠᠩᠰᠠᠮᠠ᠂ ᠡᠷᠳᠡᠨᠢᠪᠠᠭᠠᠳᠤᠷ᠂ ᠦᠨᠡᠨ᠂ ᠲᠠᠷᠡᠴᠢᠯᠡᠨ ᠢᠯᠠᠯᠳᠠ᠂ ᠦᠨᠡᠨᠴᠢ᠂ | ᠭᠡᠷᠡᠯᠳᠤ ᠵᠡᠷᠭᠡ ᠤᠯᠠᠭᠠᠨᠮᠦ᠋ᠴᠢᠷ ᠲᠤ ᠤᠳᠤᠷᠢᠳᠤᠯᠭ᠎ᠠ ᠶᠢᠨ ᠠᠵᠢᠯ ᠢ ᠬᠠᠷᠢᠭᠤᠴᠠᠵᠤ ᠢᠷᠡᠭᠰᠡᠨ ᠵᠢᠴᠢ | ᠬᠠᠷᠢᠭᠤᠴᠠᠭᠰᠠᠭᠠᠷ ᠪᠠᠶᠢᠭ᠎ᠠ ᠨᠦᠬᠦᠳ ᠤᠨ ᠭᠠᠪᠢᠶ᠎ᠡ ᠵᠢᠳᠬᠦᠯ ᠢ ᠲᠤᠷᠠᠳᠬᠠᠨ ᠲᠡᠮᠳᠡᠭᠯᠡᠬᠦ ᠴᠢᠬᠤᠯᠠᠳᠠᠢ ᠮᠦᠷᠳᠡᠭᠡᠨ | ᠪᠦᠬᠦᠶᠢᠯᠡ ᠤᠷᠠᠯᠢᠭᠴᠢᠳ ᠤᠨ ᠢᠶᠠᠨ ᠦᠢᠭ᠎ᠠ ᠦᠭᠡᠢ ᠴᠢᠷᠮᠠᠶᠢᠯᠳᠠ ᠶᠢ ᠴᠦ ᠦᠨᠡᠯᠡᠬᠦ ᠶᠤᠰᠤᠳᠠᠢ ᠶᠤᠮᠰᠠᠨ︕ | ᠤᠴᠢᠷ ᠨᠢ ᠰᠤᠳᠤᠨ ᠪᠦᠳᠦᠭᠡᠯ ᠢᠶᠠᠷ ᠢᠶᠠᠨ ᠰᠤᠶᠤᠯ ᠤᠷᠠᠯᠢᠭ ᠢᠶᠠᠨ ᠴᠡᠴᠡᠭᠯᠡᠬᠦᠯᠦᠨ ᠬᠦᠭᠵᠢᠬᠦᠯᠬᠦ ᠳᠤ ᠦᠶ᠎ᠡ ᠦᠶ᠎ᠡ | ᠶᠢᠨ ᠤᠷᠠᠯᠢᠭᠴᠢᠳ ᠤᠨ ᠮᠠᠨᠢ ᠦᠨᠡᠨᠴᠢ ᠵᠢᠳᠬᠦᠯ ᠤᠨ ᠰᠢᠷᠭᠠᠭᠤ ᠬᠦᠳᠡᠯᠮᠤᠷᠢ ᠦᠢᠯᠡᠰ ᠢᠶᠠᠨ ᠭᠡᠰᠡᠨ ᠬᠠᠳᠠᠨ | ᠵᠤᠷᠢᠭ ᠲᠤ ᠲᠦᠰᠢᠭᠯᠡᠵᠤ ᠪᠠᠶᠢᠬᠤ ᠠᠴᠠ ᠯᠡ ᠪᠤᠯᠤᠭᠰᠠᠨ ᠪᠢᠯᠡ…… |