ᠬᠢᠩᠭᠠᠨ ᠠᠶᠢᠮᠠᠭ ᠤᠨ ᠣᠯᠠᠭᠠᠨᠬᠤᠲᠠ ᠶᠢᠨ ᠠᠷᠤ ᠶᠢᠨ ᠠᠭᠤᠯᠠᠨ ᠲᠡᠭᠡᠷ᠎ᠡ ᠪᠠᠶᠢᠷᠢᠯᠠᠵᠤ | ᠪᠠᠶᠢᠭ᠎ᠠ ᠴᠢᠩᠭᠢᠰ ᠤᠨ ᠰᠦᠮ᠎ᠡ ᠪᠤᠯ ᠳᠡᠯᠡᠬᠡᠢ ᠶᠢ ᠪᠠᠶᠢᠯᠲᠤᠨ ᠲᠠᠭᠠᠭᠤᠯᠤᠬᠰᠠᠨ ᠴᠢᠩᠭᠢᠰ ᠬᠠᠭᠠᠨ ᠢ ᠲᠤᠷᠠᠰᠬᠠᠬᠤ | ᠪᠠᠷ ᠪᠠᠶᠢᠭᠤᠯᠤᠬᠰᠠᠨ ᠳᠡᠯᠡᠬᠡᠢ ᠳᠤ ᠬᠤᠤᠰ ᠦᠭᠡᠢ ᠰᠦᠮ᠎ᠡ ᠪᠤᠯᠤᠨ᠎ᠠ᠃ | ᠳᠤᠰ ᠰᠦᠮ᠎ᠡ ᠶᠢ 1940 ᠤᠨ ᠤ 5 ᠰᠠᠷ᠎ᠠ ᠳᠤ ᠡᠬᠢᠯᠡᠨ ᠪᠠᠶᠢᠭᠤᠯᠵᠤ᠂ 1944 ᠤᠨ ᠤ 10 | ᠰᠠᠷ᠎ᠠ ᠳᠤ ᠪᠠᠶᠢᠭᠤᠯᠵᠤ ᠳᠠᠭᠤᠰᠬᠠᠵᠠᠢ᠃ ᠪᠦᠬᠦ ᠲᠠᠯᠠᠪᠠᠢ ᠨᠢ 6.8 ᠳᠦᠮᠡᠨ ᠳᠡᠭᠰᠢ ᠳᠦᠷᠪᠡᠯᠵᠢᠨ ᠮᠧᠲᠷ | ᠪᠠᠶᠢᠲᠠᠭ᠃ ᠰᠦᠮ᠎ᠡ ᠶᠢᠨ ᠪᠦᠬᠦᠶᠢᠯᠡ ᠪᠠᠷᠢᠯᠭ᠎ᠠ ᠶᠢ ᠬᠢᠲᠠᠳ ᠪᠠᠷᠢᠯᠭ᠎ᠠ ᠶᠢᠨ ᠳᠡᠩᠭᠡᠯᠢᠭ ᠱᠣᠭᠤᠮ ᠲᠠᠭᠠᠭᠤᠯᠤᠨ | ᠳᠡᠩᠴᠡᠬᠦᠯᠵᠦ ᠪᠠᠶᠢᠷᠢᠰᠢᠭᠤᠯᠬᠤ ᠠᠷᠭ᠎ᠠ ᠶᠢ ᠬᠡᠷᠡᠭᠯᠡᠵᠦ᠂ ᠳᠤᠮᠳᠠᠳᠦ ᠪᠠᠷᠢᠯᠭ᠎ᠠ ᠶᠢ ᠦᠨᠳᠦᠷ᠂ ᠬᠤᠶᠠᠷ ᠲᠠᠯ᠎ᠠ ᠶᠢᠨ | ᠪᠠᠷᠢᠯᠭ᠎ᠠ ᠶᠢ ᠨᠠᠮ ᠪᠠᠶᠢᠯᠭᠠᠬᠤ ᠬᠡᠪ ᠢᠶᠠᠷ ᠪᠠᠷᠢᠵᠠᠢ᠃ ᠳᠤᠮᠳᠠᠬᠢ ᠭᠤᠤᠯ ᠳᠤᠭᠠᠩ ᠦᠨᠳᠦᠷ ᠢᠶᠠᠷ ᠢᠶᠠᠨ 28 ᠮᠧᠲᠷ᠂ | ᠬᠤᠶᠠᠷ ᠵᠢᠬᠦᠷ ᠤᠨ ᠳᠤᠭᠠᠩ ᠨᠢ 16.62 ᠮᠧᠲᠷ᠂ ᠪᠠᠷᠢᠯᠭ᠎ᠠ ᠶᠢᠨ ᠲᠠᠯᠠᠪᠠᠢ ᠨᠢ 822 ᠳᠡᠭᠰᠢ | ᠳᠦᠷᠪᠡᠯᠵᠢᠨ ᠮᠧᠲᠷ ᠪᠠᠶᠢᠲᠠᠭ᠃ ᠪᠠᠷᠢᠯᠭ᠎ᠠ ᠶᠢᠨ ᠭᠤᠤᠯ ᠴᠤᠭᠴᠠ ᠨᠢ ᠳᠦᠷᠪᠡᠯᠵᠢᠨ ᠬᠠᠶᠠᠭᠠᠨ ᠤ ᠳᠡᠭᠡᠷ᠎ᠡ | ᠪᠦᠮᠪᠦᠷᠢᠭᠡᠨ ᠤᠷᠤᠢ ᠲᠠᠢ᠂ ᠳᠡᠭᠡᠪᠦᠷ ᠢ ᠨᠤᠭᠤᠭᠠᠨ ᠸᠠᠭᠠᠷ ᠢᠶᠠᠷ ᠸᠠᠭᠠᠷᠯᠠᠵᠤ᠂ ᠬᠡᠷᠡᠮ ᠢ ᠨᠢ ᠴᠠᠭᠠᠨ ᠢᠶᠠᠷ ᠦᠩᠭᠡᠯᠡᠵᠡᠢ᠃ | ᠳᠤᠰ ᠪᠠᠷᠢᠯᠭ᠎ᠠ ᠮᠤᠩᠭᠤᠯ ᠳᠦᠪᠡᠳ ᠬᠢᠲᠠᠳ ᠪᠠᠷᠢᠯᠭ᠎ᠠ ᠶᠢᠨ ᠤᠨᠴᠠᠯᠢᠭ ᠢ ᠨᠡᠶᠢᠯᠡᠬᠦᠯᠵᠦ ᠰᠠᠶᠢᠬᠠᠨ | ᠬᠠᠷᠠᠭᠤᠯᠤᠬᠰᠠᠨ ᠶᠤᠮ᠃ ᠶᠡᠭᠡ ᠲᠤᠭᠠᠩ ᠤᠨ ᠳᠦᠪ ᠳᠤᠮᠳᠠ ᠪᠠᠶᠢᠭ᠎ᠠ ᠭᠠᠨᠳᠢᠭ ᠰᠠᠭᠤᠷᠢᠨ ᠳᠡᠭᠡᠷ᠎ᠡ ᠴᠢᠩᠬᠢᠰ | ᠬᠠᠭᠠᠨ ᠤ ᠰᠠᠭᠤᠭ᠎ᠠ ᠬᠦᠷᠦᠭ ᠢ 2.8 ᠮᠧᠲᠷ ᠦᠨᠳᠦᠷ ᠱᠣᠭᠤᠵᠣ ᠲᠠᠯᠪᠢᠵᠠᠢ᠂ ᠳᠤᠰ ᠱᠣᠭᠤᠮᠠᠯ ᠢ ᠪᠤᠯ 2.6 | ᠳᠤᠨ ᠭᠠᠤᠯᠢ ᠪᠠᠷ ᠪᠦᠳᠦᠭᠡᠭᠰᠡᠨ ᠶᠤᠮ᠃ ᠱᠣᠭᠤᠮᠠᠯ ᠤᠨ ᠬᠤᠶᠠᠷ ᠲᠠᠯ᠎ᠠ ᠳᠤ ᠶᠤᠸᠠᠨ ᠤᠯᠤᠰ ᠤᠨ ᠦᠶ᠎ᠡ ᠶᠢᠨ ᠵᠡᠷ | ᠵᠡᠪᠰᠡᠭ ᠢ ᠳᠠᠯᠪᠢᠵᠤ᠂ ᠪᠠᠷᠠᠭᠤᠨ ᠵᠡᠬᠦᠨ ᠬᠤᠶᠠᠷ ᠵᠢᠬᠦᠷ ᠤᠨ ᠲᠤᠭᠠᠩ ᠳᠤ ᠶᠤᠸᠠᠨ ᠤᠯᠤᠰ ᠤᠨ ᠦᠶ᠎ᠡ ᠶᠢᠨ | ᠬᠤᠪᠴᠠᠰᠦ ᠵᠠᠰᠠᠯ᠂ ᠪᠢᠴᠢᠭ ᠰᠡᠯᠲᠡ᠂ ᠡᠳ᠋ᠯᠡᠯ ᠬᠡᠷᠡᠭᠰᠡᠯ ᠵᠡᠷᠭᠡ ᠶᠢ ᠳᠡᠯᠭᠡᠨ ᠦᠵᠡᠬᠦᠯᠵᠦ ᠪᠠᠶᠢᠨ᠎ᠠ᠃ ᠳᠤᠭᠠᠩ | ᠨᠤᠭᠤᠳ ᠤᠨ ᠠᠲᠠᠷ ᠲᠡᠭᠡᠷ᠎ᠡ ᠮᠤᠩᠭᠤᠯ ᠬᠡ ᠤᠭᠠᠯᠵᠠ ᠵᠢᠷᠤᠵᠤ᠂ ᠭᠠᠵᠠᠷ ᠲᠡᠭᠡᠷ᠎ᠡ ᠬᠤᠸᠠᠷᠲᠠᠢ ᠬᠡᠪᠢᠰ ᠳᠡᠪᠢᠰᠴᠠᠢ᠃ | ᠲᠤᠭᠠᠩ ᠤᠨ ᠬᠠᠨᠠᠨ ᠵᠢᠷᠤᠭ ᠲᠤ ᠴᠢᠩᠬᠢᠰ ᠬᠠᠭᠠᠨ ᠤ ᠦᠰᠴᠦ ᠪᠤᠶᠢᠵᠢᠬᠰᠠᠨ ᠶᠠᠪᠤᠴᠠ ᠪᠤᠯᠤᠨ ᠠᠪᠢᠶᠠᠰ | ᠴᠢᠲᠠᠪᠤᠷᠢ ᠶᠢ ᠦᠵᠡᠬᠦᠯᠵᠦ᠂ ᠳᠡᠬᠦᠨ ᠤ ᠪᠠᠭᠠᠲᠤᠷ ᠴᠡᠷᠢᠭ ᠢᠶᠠᠨ ᠲᠠᠭᠠᠭᠤᠯᠤᠨ ᠪᠠᠶᠢᠯᠲᠤᠨ ᠶᠠᠪᠤᠵᠤ᠂ ᠶᠤᠸᠠᠨ ᠤ | ᠳᠦᠷᠦ ᠶᠢ ᠴᠤᠭᠴᠠᠯᠠᠬᠰᠠᠨ ᠶᠠᠪᠤᠴᠠ ᠶᠢ ᠬᠠᠷᠠᠭᠤᠯᠵᠠᠢ᠃ | | | | |