ᠬᠦᠬᠡ ᠲᠤᠮ ᠬᠡᠳᠡᠭ ᠨᠢ ᠶᠠᠮᠠᠷ ᠴᠦ ᠡᠮ ᠲᠠᠩ ᠬᠡᠷᠡᠭᠯᠡᠬᠦ ᠦᠬᠡᠢ᠃ ᠭᠠᠭᠴᠠᠬᠦ ᠤᠯᠠᠮᠵᠢᠯᠠᠯᠳᠦ ᠢᠯᠢᠵᠦ | ᠪᠠᠷᠢᠬᠤ ᠭᠠᠷ ᠤᠨ ᠡᠷᠳᠡᠮ ᠢᠶᠠᠨ ᠰᠢᠨᠵᠢᠯᠡᠬᠦ ᠤᠬᠠᠭᠠᠨᠴᠢ ᠪᠠᠷ ᠬᠡᠷᠡᠭᠯᠡᠵᠦ᠂ ᠠᠮᠢᠳᠦ ᠪᠤᠳᠠᠰ ᠤᠨ ᠪᠦᠳᠥᠬᠡᠭᠳᠡᠬᠦᠨ ᠪᠠ | ᠪᠠᠶᠢᠭᠠᠯᠢᠯᠢᠭ ᠪᠤᠳᠠᠰ ᠤᠨ ᠬᠦᠴᠥᠨ ᠲᠠᠢ ᠬᠠᠪᠰᠤᠷᠤᠭᠤᠯᠤᠨ ᠨᠤᠳᠤᠭ ᠤᠨ ᠠᠷᠭ᠎ᠠ᠂ ᠤᠯᠠᠮᠵᠢᠯᠠᠯᠳᠦ ᠨᠢᠭᠤᠴᠠ | ᠵᠤᠷ ᠢᠶᠠᠷ ᠡᠪᠡᠳᠴᠢᠨ ᠵᠠᠰᠠᠳᠠᠭ ᠪᠠᠶᠢᠭᠠᠯᠢᠯᠢᠭ ᠵᠠᠰᠠᠯ ᠪᠤᠯᠬᠤ ᠶᠤᠮ᠃ ᠬᠦᠬᠡ ᠲᠤᠮ ᠤᠨ ᠵᠠᠰᠠᠯᠭ᠎ᠠ ᠪᠠᠷ ᠦᠨᠡᠨ ᠢ | ᠪᠠᠷᠢᠮᠳᠠᠯᠠᠵᠦ᠂ ᠦᠢᠯᠡᠳᠥᠯᠬᠡ ᠪᠠᠷ ᠬᠡᠷᠡᠴᠢᠯᠡᠬᠦᠯᠵᠦ᠂ ᠵᠦᠪ ᠢ ᠦᠢᠯᠡᠳᠴᠦ᠂ ᠢᠳᠡᠬᠡᠯ ᠨᠠᠶᠢᠳᠠᠪᠤᠷᠢ ᠶᠢ ᠡᠷᠬᠢᠮᠯᠡᠵᠦ᠂ | ᠬᠦᠮᠥᠨ ᠤᠯᠠᠨ᠂ ᠡᠪᠡᠳᠴᠢᠳᠡᠨ ᠵᠤᠪᠠᠯᠠᠩᠳᠠᠨ ᠤ ᠢᠳᠡᠬᠡᠯ ᠪᠢᠰᠢᠷᠡᠯ ᠢ ᠤᠯᠵᠦ ᠶᠠᠪᠤᠭ᠎ᠠ ᠨᠢᠭᠡᠨ ᠬᠦᠮᠦᠨ ᠢ | ᠳᠡᠮᠳᠡᠭᠯᠡᠬᠦ ᠳᠤ ᠮᠠᠰᠢ ᠤᠷᠮᠠᠳᠠᠢ ᠪᠠᠶᠢᠨ᠎ᠠ᠃ ᠳᠡᠷᠡ ᠪᠤᠯ ᠤᠯᠤᠰ ᠤᠨ ᠲᠤᠰᠬᠠᠢ ᠠᠵᠢᠯ ᠮᠡᠷᠬᠡᠵᠢᠯ ᠤᠨ ᠴᠢᠳᠠᠪᠤᠷᠢ ᠶᠢᠨ | ᠬᠢᠷᠢ ᠬᠡᠮ ᠤᠨ ᠪᠠᠷᠢᠮᠵᠢᠶ᠎ᠠ ᠳᠤ ᠬᠢᠷᠢ ᠲᠡᠩᠴᠡᠭᠰᠡᠨ ᠦᠨᠡᠮᠯᠡᠯ ᠲᠠᠢ ᠲᠡᠬᠡᠳᠦ ᠲᠡᠰ ᠤᠨ ᠬᠦᠬᠡ ᠲᠤᠮᠴᠢ᠂ ᠪᠠᠷᠢᠶᠠᠴᠢ᠂ | ᠢᠯᠢᠶᠡᠴᠢ ᠲᠤ᠋᠂ ᠠᠯᠳᠠᠨᠳᠤᠭᠤᠰ ᠪᠤᠯᠤᠨ᠎ᠠ᠃ | ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠪᠤᠯᠠᠭᠠᠨᠳᠤᠬᠤᠢ ᠬᠡᠮᠡᠬᠦ ᠭᠠᠵᠠᠷ ᠲᠦᠷᠥᠵᠦ ᠥᠰᠥᠭᠰᠡᠨ | ᠠᠯᠳᠠᠨᠳᠤᠭᠤᠰ ᠪᠠᠭ᠎ᠠ ᠠᠴᠠ ᠪᠠᠨ ᠰᠤᠷᠬᠤ ᠲᠤᠷᠠᠳᠠᠢ᠂ ᠰᠤᠳᠤᠯᠬᠤ ᠪᠠᠭ᠋ᠠᠳᠠᠢ ᠪᠠᠶᠢᠳᠠᠭ ᠢᠶᠠᠷ ᠢᠶᠠᠨ ᠲᠤᠮᠳᠠᠳᠦ | ᠰᠤᠷᠭᠠᠭᠤᠯᠢ ᠪᠠᠨ ᠲᠡᠬᠦᠰᠥᠭᠰᠡᠨ ᠤ ᠲᠠᠷᠠᠭᠠᠪᠡᠷ 1991 ᠤᠨ ᠳᠤ ᠦᠪᠡᠷ ᠤᠨ ᠪᠤᠳᠤᠵᠦ ᠰᠠᠨᠠᠵᠦ ᠬᠦᠰᠡᠵᠦ | ᠵᠤᠷᠢᠠᠠᠰᠡᠨ ᠢᠶᠠᠷ ᠢᠶᠠᠨ ᠬᠦᠬᠡᠬᠤᠳᠠ ᠳᠤ ᠤᠴᠢᠵᠦ᠂ ᠵᠡᠬᠦᠦ ᠲᠦᠬᠡᠨᠡᠯᠬᠡ᠂ ᠢᠯᠢᠵᠦ ᠨᠤᠬᠤᠯᠠᠬᠤ ᠪᠠ ᠶᠠᠰᠦ ᠪᠠᠷᠢᠬᠤ | ᠡᠮᠴᠢᠯᠡᠬᠡᠨ ᠤ ᠲᠤᠰᠬᠠᠢ ᠮᠡᠷᠬᠡᠵᠢᠯ ᠢ ᠰᠤᠷᠤᠯᠴᠠᠪᠠ᠃ ᠰᠤᠷᠤᠯᠭ᠎ᠠ ᠶᠢᠨ ᠲᠤᠮᠳᠠ ᠮᠡᠳᠡᠯᠬᠡ ᠮᠡᠳᠡᠴᠡ ᠪᠠᠨ ᠡᠳᠥᠷ ᠠᠴᠠ | ᠡᠳᠥᠷ ᠦᠷᠬᠡᠵᠢᠬᠦᠯᠵᠦ᠂ ᠰᠤᠷᠤᠯᠭ᠎ᠠ ᠬᠢᠴᠢᠶᠡᠯ ᠤᠨ ᠴᠢᠯᠥᠬᠡ ᠵᠠᠢ ᠪᠠᠨ ᠴᠦ ᠨᠢᠮᠪᠠᠢ ᠠᠰᠢᠭᠯᠠᠨ ᠬᠤᠳᠠ ᠤᠰᠦ᠂ | ᠬᠠᠪᠢ ᠲᠦᠰᠥᠷ ᠤᠨ ᠢᠶᠠᠨ ᠠᠬᠠᠮᠠᠳ ᠡᠮᠴᠢ ᠨᠠᠷ ᠠᠴᠠ ᠠᠨᠠᠭᠠᠬᠤ ᠤᠬᠠᠭᠠᠨ᠂ ᠢᠯᠢᠵᠦ ᠨᠤᠬᠤᠯᠠᠬᠤ ᠵᠠᠰᠠᠯ ᠢ | ᠠᠰᠠᠭᠤᠨ ᠰᠤᠷᠴᠦ ᠡᠵᠡᠮᠰᠢᠬᠦ ᠶᠢᠨ ᠲᠠᠭᠠᠤ ᠮᠤᠩᠭᠤᠯ ᠡᠮᠨᠡᠯᠬᠡ ᠶᠢᠨ ᠰᠢᠯᠢᠳᠡᠭ ᠰᠤᠩᠭᠤᠳᠠᠭ ᠨᠤᠮ ᠪᠢᠴᠢᠭ ᠤᠳ ᠢ | ᠤᠡᠭᠰᠢᠨ ᠰᠤᠷᠤᠯᠴᠠᠵᠦ᠂ ᠪᠤᠳᠠᠳᠦ ᠦᠢᠯᠡᠳᠥᠯᠬᠡ ᠲᠠᠢ ᠪᠠᠨ ᠤᠶᠠᠯᠳᠤᠭᠤᠯᠤᠨ ᠲᠤᠷᠰᠢᠯᠭ᠎ᠠ ᠬᠤᠷᠠᠮᠳᠤᠭᠤᠯᠵᠦ | ᠶᠠᠪᠤᠭᠰᠠᠨ ᠢᠶᠠᠨ 1999 ᠤᠨ ᠳᠤ ᠲᠡᠷᠡ ᠰᠤᠷᠤᠯᠭ᠎ᠠ ᠲᠡᠬᠦᠰᠥᠨ ᠬᠦᠬᠡᠬᠤᠳᠠ ᠳᠤ ᠤᠨᠴᠠ ᠶᠢᠨ ᠬᠤᠪᠢ | ᠪᠠᠷᠢᠯᠳᠤᠯᠭ᠎ᠠ ᠲᠠᠢ ᠪᠠᠷ ᠬᠦᠬᠡ ᠲᠤᠮᠴᠢ ᠵᠠᠭᠳᠤᠷᠵᠢ ᠭᠤᠸᠠᠢ ᠶᠢᠨ ᠱᠠᠪᠢ ᠪᠤᠯᠵᠠᠢ᠃ ᠢᠡᠭᠬᠢᠬᠡᠳ 10 ᠰᠢᠬᠠᠮ | ᠵᠢᠯ ᠤᠨ ᠬᠤᠭᠤᠴᠠᠭᠠᠨ ᠳᠤ ᠲᠡᠷᠡ᠂ ᠬᠦᠬᠡ ᠲᠤᠮ ᠤᠨ ᠤᠯᠠᠮᠵᠢᠯᠠᠯᠳᠦ ᠵᠠᠰᠠᠯ ᠢ ᠦᠪᠡᠷ ᠤᠨ ᠰᠤᠷᠤᠭᠰᠠᠨ ᠮᠦᠡᠭᠬᠦᠨ | ᠵᠡᠬᠦᠦ ᠲᠦᠬᠡᠨᠡᠯᠬᠡ᠂ ᠢᠯᠢᠵᠦ ᠨᠤᠬᠤᠯᠠᠬᠤ ᠡᠮᠴᠢᠯᠡᠭᠡ ᠲᠠᠢ ᠪᠠᠨ ᠨᠢᠭᠳᠠ ᠤᠶᠠᠯᠳᠤᠭᠤᠯᠵᠦ᠂ ᠤᠯᠠᠨ ᠭᠠᠵᠠᠷ ᠤᠯᠠᠨ | ᠶᠠᠩᠵᠦ ᠪᠠᠷ ᠡᠮᠴᠢᠯᠡᠬᠡᠳ ᠡᠳᠡᠬᠡᠷᠡᠭᠰᠡᠨ ᠦᠬᠡᠢ ᠡᠯ᠎ᠡ ᠲᠦᠷᠥᠯ ᠤᠨ ᠦᠶ᠎ᠡ ᠬᠡᠰᠢᠬᠦᠨ ᠤ ᠡᠪᠡᠳᠴᠢᠨ᠂ ᠮᠡᠳᠡᠷᠡᠯ ᠤᠨ | ᠴᠢᠨᠠᠷᠳᠠᠢ ᠲᠤᠯᠤᠭᠠᠢ ᠡᠪᠡᠳᠬᠦ᠂ ᠬᠦᠵᠥᠬᠦᠦ ᠰᠡᠬᠡᠷ ᠨᠢᠷᠤᠭᠤ ᠮᠦᠬᠡᠷᠰᠥᠯᠡᠬᠦ᠂ ᠨᠢᠷᠤᠭᠤᠨ ᠤ ᠦᠶ᠎ᠡ ᠶᠢᠨ ᠬᠤᠳᠠ | ᠬᠦᠳᠦ᠋ᠢᠵᠦ ᠮᠡᠳᠡᠷᠡᠯ ᠲᠠᠷᠤᠭᠳᠠᠬᠤ᠂ ᠭᠠᠷ ᠬᠦᠯ ᠤᠨ ᠰᠤᠳᠠᠯ ᠰᠢᠷᠪᠤᠰᠦ ᠲᠠᠳᠠᠬᠤ᠂ ᠮᠢᠨᠴᠥᠬᠦᠷᠡᠬᠦ᠂ ᠮᠡᠳᠡᠷᠡᠯ | ᠠᠯᠳᠠᠬᠤ᠂ ᠬᠤᠳᠤᠭᠤᠳᠦ ᠬᠡᠳᠡᠰᠦ᠂ ᠰᠠᠪᠠ᠂ ᠠᠷᠠᠰᠤᠨ ᠤ ᠡᠪᠡᠳᠴᠢᠨ ᠵᠡᠷᠬᠡ ᠤᠵᠢᠭ ᠡᠪᠡᠳᠴᠢᠨ ᠨᠦᠭᠦᠳ ᠢ | ᠡᠳᠡᠬᠡᠷᠡᠬᠦᠯᠥᠨ ᠵᠠᠰᠠᠬᠤ ᠳᠤ ᠦᠷ᠎ᠡ ᠪᠦᠳᠥᠮᠵᠢ ᠪᠠᠷ ᠢᠯᠡᠷᠬᠡᠢ ᠪᠠᠶᠢᠯ᠎ᠠ᠃ ᠡᠬᠦᠨ ᠠᠴᠠ ᠭᠠᠳᠠᠨ᠎ᠠ ᠶᠠᠰᠦ ᠪᠡᠷᠳᠡᠵᠦ᠂ | ᠦᠶ᠎ᠡ ᠮᠤᠯᠳᠤᠷᠠᠭᠰᠠᠨ ᠢ ᠪᠠᠷᠢᠵᠦ᠂ ᠬᠦᠵᠥᠬᠦᠦ ᠲᠠᠯᠦ ᠮᠦᠷᠦ ᠶᠢᠨ ᠬᠤᠶᠠᠩ ᠰᠢᠷ᠎ᠠ ᠤᠰᠦ ᠶᠢ ᠤᠬᠤᠷᠬᠠᠨ | ᠬᠤᠭᠤᠴᠠᠭᠠᠨ ᠳᠤ ᠵᠠᠰᠠᠨ ᠡᠳᠡᠬᠡᠷᠡᠬᠦᠯᠵᠦ᠂ ᠲᠠᠷᠢᠬᠢ ᠤᠨᠠᠬᠤ᠂ ᠮᠡᠳᠡᠷᠡᠯ ᠲᠠᠷᠤᠭᠳᠠᠬᠤ᠂ ᠬᠤᠳᠤᠭᠤᠳᠦ ᠤᠨᠠᠬᠤ᠂ | ᠡᠷᠡᠦ ᠭᠠᠷᠬᠤ ᠵᠡᠷᠬᠡ ᠡᠪᠡᠳᠴᠢᠨ ᠢ ᠵᠠᠰᠠᠬᠤ ᠲᠠᠯ᠎ᠠ ᠪᠠᠷ ᠤᠨᠴᠠ ᠰᠠᠶᠢᠨ ᠪᠠᠶᠢᠳᠠᠭ ᠢᠶᠠᠷ ᠢᠶᠠᠨ ᠠᠪᠠᠭ᠎ᠠ᠂ ᠰᠦᠨᠢᠳ᠂ | ᠦᠵᠥᠮᠥᠴᠢᠨ ᠵᠡᠷᠬᠡ ᠬᠤᠰᠢᠭᠤ ᠨᠤᠭᠤᠳ ᠢᠶᠠᠷ ᠤᠷᠢᠠᠠᠳᠡᠨ ᠡᠮᠴᠢᠯᠡᠵᠦ ᠶᠠᠪᠤᠭᠰᠠᠨ ᠢᠶᠠᠷ ᠪᠠᠷᠠᠬᠤ ᠦᠬᠡᠢ ᠪᠤᠭᠤᠳᠦ᠂ | ᠬᠦᠬᠡᠬᠤᠳᠠ᠂ ᠲᠦᠷᠪᠡᠳ ᠵᠡᠷᠬᠡ ᠬᠠᠷᠢ ᠬᠦᠨᠳᠡᠯᠡᠨ ᠬᠤᠰᠢᠭᠤᠨ ᠳᠤ ᠴᠦ ᠡᠮᠴᠢᠯᠡᠵᠦ ᠶᠠᠪᠤᠭᠰᠠᠭᠠᠷ 2009 | ᠤᠨ ᠳᠤ ᠰᠢᠯᠤᠭᠤᠨ ᠬᠦᠬᠡ ᠬᠤᠰᠢᠭᠤᠨ ᠤ ᠱᠠᠩᠳᠦ ᠪᠠᠯᠭᠠᠰᠤᠨ ᠤ ᠬᠤᠨᠭ᠌ ᠲᠠᠢ ᠲᠤᠭᠤᠷᠢᠭ ᠲᠤ ᠰᠢᠯᠵᠢᠨ ᠢᠷᠡᠵᠦ᠂ | ︽ᠬᠦᠬᠡ ᠲᠤᠮ — ᠢᠯᠢᠶᠡᠴᠢ ᠪᠠᠷᠢᠶᠠᠴᠢ ᠶᠢᠨ ᠵᠠᠰᠠᠯ ᠤᠨ ᠲᠦᠪ︾ ᠢ ᠪᠠᠶᠢᠭᠤᠯᠤᠨ ᠡᠮᠴᠢᠯᠡᠭᠡ | ᠦᠢᠯᠡᠴᠢᠯᠡᠭᠡ ᠪᠠᠨ ᠡᠬᠢᠯᠡᠬᠦᠯᠥᠭᠰᠡᠨ ᠪᠠᠶᠢᠨ᠎ᠠ᠃ | ᠠᠯᠳᠠᠨᠳᠤᠭᠤᠰ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠬᠦᠬᠡ ᠲᠤᠮ ᠤᠨ ᠵᠠᠰᠠᠯ ᠪᠣᠯ ᠠᠮᠢᠳᠦ | ᠪᠤᠳᠠᠰ ᠤᠨ ᠬᠦᠴᠥᠨ ︵ᠮᠠᠯ ᠤᠨ ᠰᠡᠪᠡᠰᠦ ᠪᠠᠷ ᠰᠡᠪᠡᠰᠥᠯᠡᠬᠦ᠂ ᠮᠠᠯ ᠤᠨ ᠠᠷᠠᠰᠦ ᠪᠠᠷ ᠠᠷᠠᠰᠤᠯᠠᠬᠤ︶᠂ | ᠪᠠᠶᠢᠭᠠᠯᠢ ᠶᠢᠨ ᠬᠦᠴᠥᠨ ︵ᠭᠠᠯᠳᠦ ᠠᠭᠤᠯᠠ ᠶᠢᠨ ᠨᠤᠷᠮ᠎ᠠ ᠪᠠᠷ ᠵᠢᠩ ᠲᠠᠯᠪᠢᠬᠤ᠂ ᠲᠤᠳᠠᠭᠤ ᠵᠡᠰ ᠤᠨ ᠲᠠᠪᠤᠰᠦ ᠪᠠᠷ | ᠵᠢᠩ ᠲᠠᠯᠪᠢᠬᠤ︶ ᠳᠤ ᠰᠢᠳᠥᠯᠴᠡᠭᠰᠡᠨ᠂ ᠡᠪᠡᠳᠴᠢᠳᠡᠨ ᠤ ᠰᠡᠳᠬᠢᠴᠡ ᠵᠦᠢ ᠶᠢ ᠬᠠᠷᠠᠭᠠᠯᠵᠠᠭᠰᠠᠨ ︵ᠠᠯᠢᠪᠠ | ᠲᠤᠮᠨᠠᠬᠤ ᠦᠢᠯᠡ︶ ᠨᠢᠭᠤᠴᠠ ᠠᠷᠭ᠎ᠠ ᠰᠢᠳᠢᠳᠦ ᠵᠤᠷ ᠲᠡᠬᠡᠷ᠎ᠡ ᠰᠠᠭᠤᠷᠢᠯᠠᠭᠰᠠᠨ ︵ᠪᠤᠢ ᠪᠦᠬᠦᠢ ᠢᠯᠢᠵᠦ ᠨᠤᠬᠤᠯᠠᠬᠤ | ᠂ ᠬᠠᠨᠠᠵᠦ ᠬᠠᠳᠬᠤᠬᠤ ᠮᠡᠷᠬᠡᠵᠢᠯ︶ ᠪᠡᠶ᠎ᠡ ᠪᠠᠨ ᠲᠠᠭᠠᠭᠠᠭᠰᠠᠨ ᠠᠷᠠᠳ ᠤᠨ ᠠᠨᠠᠭᠠᠬᠤ ᠤᠬᠠᠭᠠᠨ ᠤ ᠵᠠᠰᠠᠯ ᠪᠤᠯᠬᠤ ᠶᠢ | ᠦᠢᠯᠡᠳᠥᠯᠬᠡ ᠬᠡᠷᠡᠴᠢᠯᠡᠵᠦ ᠪᠠᠶᠢᠨ᠎ᠠ᠃ ᠬᠦᠬᠡ ᠲᠤᠮ ᠤᠨ ᠵᠠᠰᠠᠯᠭ᠎ᠠ ᠶᠢᠨ ᠲᠤᠪᠤᠶᠢᠭᠰᠠᠨ ᠤᠨᠴᠠᠯᠢᠭ ᠪᠣᠯ ᠭᠠᠵᠠᠷ | ᠤᠷᠤᠨ ᠤ ᠡᠪᠡᠳᠴᠢᠨ ᠳᠤ ᠲᠤᠬᠢᠷᠠᠯᠴᠠᠬᠤ ᠴᠢᠨᠠᠷ ᠢᠶᠠᠷ ᠰᠠᠶᠢᠨ᠂ ᠬᠡᠷᠡᠭᠴᠡᠭᠡ ᠪᠠᠷ ᠦᠷᠬᠡᠨ᠂ ᠦᠢᠯᠡᠳᠥᠯ ᠢᠶᠠᠷ | ᠲᠦᠷᠬᠡᠨ ᠵᠡᠷᠬᠡ ᠲᠠᠪᠠᠭᠤᠯᠢᠭ ᠲᠠᠯ᠎ᠠ ᠲᠠᠢ ᠪᠠᠶᠢᠳᠠᠭ᠃ ᠤᠮᠠᠷᠠᠳᠦ ᠶᠢᠨ ᠬᠠᠬᠢᠷ ᠬᠦᠢᠳᠡᠨ ᠪᠠ ᠨᠡᠬᠦᠳᠡᠯ | ᠠᠮᠢᠳᠤᠷᠠᠯ ᠠᠴᠠ ᠤᠯᠤᠭᠰᠠᠨ ᠲᠠᠯᠦ ᠮᠦᠷᠥᠨ ᠤ ᠠᠷᠬᠠᠭ ᠬᠠᠭᠤᠴᠢᠨ᠂ ᠬᠤᠶᠠᠩ ᠰᠢᠷ᠎ᠠ ᠤᠰᠤᠨ ᠤ ᠡᠪᠡᠳᠴᠢᠨ᠂ | ᠡᠯ᠎ᠡ ᠲᠦᠷᠥᠯ ᠤᠨ ᠦᠶ᠎ᠡ ᠬᠡᠰᠢᠬᠦᠦ ᠡᠪᠡᠳᠬᠦ ᠵᠡᠷᠬᠡ ᠡᠪᠡᠳᠴᠢᠨ ᠢ ᠨᠢᠬᠡ ᠯᠠ ᠭᠠᠷᠠᠭ ᠲᠤ ᠵᠠᠰᠠᠵᠦ ᠡᠳᠡᠬᠡᠷᠡᠬᠦᠯᠵᠦ | ᠪᠠᠶᠢᠭ᠎ᠠ ᠨᠢ ᠲᠤᠰ ᠵᠠᠰᠠᠯᠭ᠎ᠠ ᠶᠢᠨ ᠭᠠᠵᠠᠷ ᠤᠷᠤᠨ ᠤ ᠴᠢᠨᠠᠷᠳᠠᠢ ᠤᠵᠢᠭ ᠡᠪᠡᠳᠴᠢᠨ ᠳᠤ ᠤᠨᠴᠠ ᠲᠤᠰᠠᠳᠠᠢ | ᠪᠠᠶᠢᠬᠤ ᠶᠢ ᠬᠠᠷᠠᠭᠤᠯᠵᠦ ᠪᠠᠶᠢᠭ᠎ᠠ ᠶᠤᠮ᠃ ᠠᠷᠠᠳ ᠤᠯᠠᠨ ᠤ ᠲᠤᠮᠳᠠ ᠲᠦᠬᠡᠮᠡᠯᠵᠢᠭᠰᠡᠨ ᠲᠠᠷᠢᠬᠢ ᠵᠠᠰᠠᠬᠤ | ᠹᠢᠽᠢᠺ ᠤᠨ ᠵᠠᠰᠠᠯ ᠢᠶᠠᠷ ᠠᠪᠴᠦ ᠬᠡᠯᠡᠬᠦ ᠳᠤ ᠲᠡᠷᠢᠬᠦᠨ ᠤ ᠮᠡᠷᠬᠡᠵᠢᠯ ᠢᠶᠠᠷ ᠠᠨᠠᠭᠠᠵᠦ ᠲᠡᠶᠢᠯᠬᠦ ᠦᠬᠡᠢ ᠡᠨᠡᠬᠦ | ᠡᠪᠡᠳᠴᠢᠨ ᠢ ᠪᠠᠷᠢᠶᠠᠴᠢ ᠭᠤᠷᠪᠠᠭ᠋ᠠᠨ ᠮᠢᠨᠦ᠋ᠲ ᠲᠤ ᠯᠠ ᠲᠡᠩᠬᠡᠷᠡᠬᠦᠯᠵᠦ ᠴᠢᠳᠠᠳᠠᠭ ᠨᠢ ᠭᠠᠶᠢᠬᠠᠯᠳᠠᠢ︾ ᠬᠡᠪᠡ᠃ | | ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠮᠢᠩᠭᠠᠨᠳᠦ ᠪᠠᠯᠭᠠᠰᠤᠨ ᠤ ᠬᠤᠷᠴᠢᠨ ᠤᠪᠤᠭ᠎ᠠ | ᠭᠠᠴᠠᠭᠠᠨ ᠤ ᠮᠠᠯᠴᠢᠨ ᠪᠦᠰᠡᠬᠦᠢ ᠰᠠᠷᠠᠨᠴᠡᠴᠡᠭ ᠨᠢᠷᠤᠭᠤᠨ ᠤ ᠦᠶ᠎ᠡ ᠶᠢᠨ ᠲᠠᠪᠠᠭ ᠬᠦᠳᠦ᠋ᠢᠵᠦ ᠮᠡᠳᠡᠷᠡᠯ ᠲᠠᠷᠤᠭᠳᠠᠨ | ᠠᠷᠪᠠ ᠭᠠᠷᠤᠢ ᠵᠢᠯ ᠬᠠᠨᠵᠤᠨ ᠲᠡᠬᠡᠷ᠎ᠡ ᠠᠴᠠ ᠪᠠᠨ ᠪᠠᠭᠤᠵᠤ ᠳᠠᠶᠢᠯᠬᠦ ᠦᠬᠡᠢ ᠤᠶᠢᠳᠬᠠᠷᠯᠠᠨ ᠵᠤᠪᠠᠭᠤᠷᠢᠯᠠᠵᠦ᠂ | ᠪᠠᠴᠢᠮᠳᠠᠨ ᠪᠤᠬᠢᠨᠢᠳᠤᠳᠠᠭ ᠪᠠᠶᠢᠭᠰᠠᠨ ᠢᠶᠠᠨ ᠠᠯᠳᠠᠨᠳᠤᠭᠤᠰ ᠤᠨ ᠠᠯᠳᠠᠷ ᠨᠡᠷ᠎ᠡ᠂ ᠠᠵᠢᠯ ᠦᠢᠯᠡᠰ ᠤᠨ ᠬᠢᠨᠢ ᠲᠤᠬᠠᠢ | ᠲᠠᠮ ᠰᠤᠨᠤᠰᠤᠭᠠᠳ ᠲᠤᠰᠬᠠᠶᠢᠯᠠᠨ ᠡᠷᠢᠨ ᠢᠷᠡᠵᠦ ᠰᠠᠷ᠎ᠠ ᠡᠮᠴᠢᠯᠡᠬᠦᠯᠥᠬᠡᠳ ᠡᠪᠡᠳᠴᠢᠨ ᠨᠢ ᠬᠤᠭ ᠦᠬᠡᠢ | ᠡᠳᠡᠬᠡᠷᠡᠵᠦ᠂ ᠤᠳᠤ ᠨᠠᠷᠠᠨ ᠰᠠᠷᠠᠨ ᠤ ᠲᠤᠤᠷ᠎ᠠ ᠬᠦᠮᠥᠨ ᠤᠯᠠᠨ ᠲᠠᠢ ᠪᠠᠨ ᠬᠤᠳᠠ ᠬᠦᠳᠡᠭᠡ ᠶᠢᠨ ᠵᠠᠮ ᠵᠡᠬᠡᠯᠢ | ᠲᠡᠬᠡᠷ᠎ᠡ ᠦᠨᠳᠥᠷ ᠥᠰᠥᠬᠡᠢ ᠲᠠᠢ ᠱᠠᠬᠠᠢ ᠲᠠᠢ ᠠᠯᠬᠤᠵᠦ ᠠᠵᠢᠯ ᠦᠢᠯᠡᠰ ᠲᠡᠭᠡᠨ ᠶᠠᠭᠠᠷᠠᠵᠦ᠂ ᠡᠷᠡᠬᠦᠯ ᠰᠠᠷᠠᠭᠤᠯ | ᠪᠠᠶᠠᠷ ᠬᠦᠷ ᠲᠠᠢ ᠠᠮᠢᠳᠤᠷᠠᠬᠤ ᠪᠤᠯᠤᠭᠰᠠᠨ ᠪᠢᠯᠡ᠃ ᠰᠡᠬᠡᠷ ᠨᠢᠷᠤᠭᠤ ᠨᠢ ᠨᠡᠶᠢᠳᠡᠮ ᠳᠡᠭᠡᠨ ᠮᠥᠬᠡᠷᠰᠥᠯᠡᠵᠦ᠂ ᠰᠢᠬᠡᠬᠦ | ᠪᠠᠭᠠᠬᠤ ᠪᠠᠨ ᠮᠡᠳᠡᠬᠦ ᠦᠬᠡᠢ ᠬᠠᠨᠵᠤᠨ ᠲᠡᠬᠡᠷ᠎ᠡ ᠪᠠᠨ ᠤᠳᠠᠭᠠᠨ ᠡᠳᠥᠷ ᠵᠤᠵᠠᠭᠠᠨ ᠬᠤᠨᠤᠭ ᠬᠡᠪᠳᠡᠬᠦ ᠳᠡᠭᠡᠨ ᠭᠠᠳᠠᠭᠰᠢ | ᠳᠤᠳᠤᠭᠰᠢ ᠤᠯᠠᠨ ᠭᠠᠵᠠᠷ ᠦᠵᠡᠬᠦᠯᠥᠭᠰᠡᠨ ᠪᠤᠯᠪᠠᠴᠦ ᠮᠡᠰᠡ ᠵᠠᠰᠠᠯ ᠬᠢᠵᠦ ᠲᠠᠭᠠᠭᠠᠬᠤ ᠦᠬᠡᠢ᠂ ᠡᠮᠴᠢᠯᠡᠵᠦ ᠲᠡᠶᠢᠯᠬᠦ | ᠦᠬᠡᠢ ᠬᠡᠰᠡᠨ ᠬᠠᠷᠢᠭᠤᠯᠳᠠ ᠶᠢ ᠰᠤᠨᠤᠰᠤᠭᠰᠠᠨ 71 ᠨᠠᠰᠤᠳᠠᠢ ᠰᠧᠫᠡᠯᠮᠠ ᠨᠠᠰᠤᠳᠠᠨ᠄ ︽ᠤᠳᠤ ᠴᠦ ᠦᠬᠦᠬᠦ ᠪᠠᠨ | ᠬᠦᠯᠢᠶᠡᠬᠡᠳ ᠰᠠᠭᠤᠳᠠᠭ ᠬᠡᠷᠡᠭ ᠪᠤᠯᠵᠠᠢ︾ ᠬᠡᠵᠦ ᠢᠳᠡᠬᠡᠯ ᠠᠯᠳᠠᠵᠦ ᠰᠠᠭᠤᠬᠤ ᠳᠠᠭᠠᠨ 2010 ᠤᠨ ᠳᠤ | ᠠᠯᠳᠠᠨᠳᠤᠭᠤᠰ ᠤᠨ ᠲᠤᠬᠠᠢ ᠰᠤᠨᠤᠰᠴᠦ᠂ ︽ᠦᠬᠦᠬᠦ ᠪᠠᠨ ᠬᠦᠯᠢᠶᠡᠵᠦ ᠰᠠᠭᠤᠬᠤ ᠠᠴᠠ ᠦᠵᠡᠬᠦᠯᠵᠦ ᠪᠠᠶᠢᠭᠠᠳ | ᠪᠤᠯᠤᠶ᠎ᠠ︾ ᠬᠡᠵᠦ ᠵᠤᠷᠢᠭ ᠤᠷᠤᠨ ᠠᠯᠳᠠᠨᠳᠤᠭᠤᠰ ᠢ ᠡᠷᠢᠨ ᠢᠷᠡᠵᠦ 30 ᠡᠳᠥᠷ ᠡᠮᠴᠢᠯᠡᠬᠦᠯᠥᠬᠡᠳ ᠪᠦᠷᠢᠮᠥᠰᠥᠨ | ᠡᠳᠡᠬᠡᠷᠡᠵᠦ ᠭᠡᠨ᠎ᠡ᠃ ᠠᠯᠳᠠᠨᠳᠤᠭᠤᠰ᠄ ︽ᠪᠢᠳᠡ ᠡᠨᠡᠬᠦ ᠬᠦᠬᠡ ᠲᠤᠮ — ᠢᠯᠢᠶᠡᠴᠢ ᠪᠠᠷᠢᠶᠠᠴᠢ ᠶᠢᠨ ᠵᠠᠰᠠᠯ ᠤᠨ | ᠲᠦᠪ ᠢ ᠪᠠᠶᠢᠭᠤᠯᠤᠭᠰᠠᠨ ᠠᠴᠠ ᠠᠪᠤᠭᠠᠳ ᠡᠳᠥᠷ ᠲᠡᠭᠡᠨ ᠡᠪᠡᠳᠴᠢᠳᠡᠨ ᠲᠠᠰᠤᠷᠠᠬᠤ ᠦᠬᠡᠢ᠂᠂ ᠡᠳᠥᠷ ᠪᠦᠷᠢ | ᠲᠡᠭᠰᠢᠳᠬᠡᠬᠡᠳ ᠠᠷᠪᠠᠭᠠᠳ ᠬᠦᠮᠥᠨ ᠢᠷᠡᠵᠦ ᠦᠵᠡᠬᠦᠯᠳᠡᠭ ᠪᠦᠬᠡᠳ ᠤᠯᠠᠩᠬᠢ ᠨᠢ ᠢᠯᠢᠬᠦᠯᠵᠦ ᠨᠤᠬᠤᠯᠠᠭᠤᠯᠬᠤ | ᠲᠠᠯ᠎ᠠ ᠶᠢᠨ ᠡᠮᠴᠢᠯᠡᠭᠡ ᠬᠢᠯᠬᠡᠳᠡᠭ︾ ᠬᠡᠵᠦ ᠶᠠᠷᠢᠭᠰᠠᠨ ᠢᠶᠠᠨ ᠵᠠᠯᠭᠠᠵᠦ᠄ ︽ᠡᠨᠡ ᠡᠪᠡᠳᠴᠢᠳᠡᠨ ᠢᠷᠡᠬᠦ ᠳᠡᠭᠡᠨ ᠵᠡᠬᠦᠨ | ᠭᠠᠷ ︵ᠮᠤᠷᠢᠨ ᠠᠴᠠ ᠤᠶᠢᠴᠢᠵᠦ ᠪᠡᠷᠳᠡᠵᠦ ᠪᠠᠷᠢᠭᠤᠯᠤᠭᠰᠠᠨ ᠴᠦ ᠰᠠᠶᠢᠨ ᠪᠤᠯᠤᠭᠰᠠᠨ ᠦᠬᠡᠢ︶ ᠤᠨ | ᠰᠤᠳᠠᠯ ᠢᠶᠠᠷ ᠨᠢ ᠴᠢᠰᠦ ᠬᠦᠶᠥᠬᠦ ᠪᠠᠨ ᠪᠤᠯᠢᠵᠦ᠂ ᠭᠠᠷ ᠬᠤᠷᠤᠭᠤ ᠨᠢ ᠪᠦᠷ ᠬᠦᠷᠡᠩᠰᠢᠨ ᠦᠬᠦᠵᠢᠯ ᠡᠬᠦᠰᠴᠦ᠂ | ᠠᠶᠠᠭ᠎ᠠ ᠰᠠᠪᠬ᠎ᠠ ᠪᠠᠨ ᠴᠦ ᠪᠠᠷᠢᠵᠦ ᠴᠢᠳᠠᠬᠤ ᠦᠬᠡᠢ᠂ ᠭᠠᠷ ᠢᠶᠠᠨ ᠴᠡᠬᠡᠵᠢᠨ ᠠᠴᠠ ᠲᠡᠬᠡᠭᠰᠢ ᠡᠷᠬᠦᠵᠦ ᠴᠢᠳᠠᠬᠤ | ᠦᠬᠡᠢ ᠪᠠᠶᠢᠵᠠᠢ᠃ ᠡᠨᠡ ᠡᠪᠡᠳᠴᠢᠳᠡᠨ ᠠᠳᠡ ᠢᠷᠡᠵᠦ ᠢᠯᠢᠵᠦ ᠨᠤᠬᠤᠯᠠᠭᠤᠯᠤᠨ ᠡᠮᠴᠢᠯᠡᠬᠦᠯᠥᠬᠡᠳ ᠭᠤᠷᠪᠠᠳᠠᠬᠢ | ᠡᠳᠥᠷ ᠪᠤᠯᠵᠦ ᠪᠤᠢ᠃ ᠲᠠ ᠦᠵᠡ᠂ ᠭᠠᠷ ᠬᠤᠷᠤᠭᠤ ᠨᠢ ᠴᠠᠶᠢᠷᠠᠨ ᠰᠤᠳᠠᠯ ᠢᠶᠠᠷ ᠨᠢ ᠴᠢᠰᠦ ᠬᠦᠶᠥᠵᠦ ᠭᠠᠷ ᠨᠢ | ᠲᠤᠯᠤᠭᠠᠢ ᠳᠠᠭᠠᠨ ᠬᠦᠷᠴᠦ ᠴᠢᠳᠠᠬᠤ ᠪᠤᠯᠵᠠᠢ᠃ ᠤᠳᠤ ᠲᠠᠪᠤ ᠲᠤᠯᠤᠭᠠᠨ ᠡᠳᠥᠷ ᠲᠠᠢ ᠪᠣᠯ ᠪᠦᠷ ᠰᠠᠶᠢᠨ | ᠪᠤᠯᠴᠢᠬᠠᠨ᠎ᠠ︾ ᠬᠡᠵᠦ ᠰᠢᠯᠤᠭᠤᠨ ᠬᠦᠬᠡ ᠬᠤᠰᠢᠭᠤᠨ ᠤ ᠬᠠᠨᠭ᠍ᠬᠠᠯ ᠰᠤᠮᠤᠨ ᠤ ᠬᠤᠷᠴᠠ ᠬᠡᠳᠡᠭ ᠡᠪᠡᠳᠴᠢᠳᠡᠨ ᠢ | ᠡᠮᠴᠢᠯᠡᠬᠦ ᠶᠢᠨ ᠲᠠᠭᠠᠤ ᠶᠠᠷᠢᠵᠦ ᠪᠠᠶᠢᠯ᠎ᠠ᠃ | ᠮᠤᠩᠭᠤᠯ ᠡᠮᠨᠡᠯᠬᠡ ᠶᠢᠨ ᠲᠤᠮᠨᠠᠬᠤ ᠵᠠᠰᠠᠯ ᠤᠨ ᠤᠷᠤᠨ ᠤ ᠲᠡᠰ ᠤᠨ ᠪᠤᠳᠠᠰ ᠤᠨ ᠪᠤᠰᠦ ᠰᠤᠶᠤᠯ ᠤᠨ | ᠥᠪ ᠤᠨ ᠲᠦᠯᠥᠬᠡᠯᠡᠭᠴᠢ ᠥᠪᠯᠡᠨ ᠤᠯᠠᠮᠵᠢᠯᠠᠭᠴᠢ᠂ ᠬᠦᠬᠡ ᠲᠤᠮ ᠤᠯᠠᠮᠵᠢᠯᠠᠯᠳᠦ ᠵᠠᠰᠠᠯ ᠤᠨ ᠵᠠᠯᠭᠠᠮᠵᠢᠯᠠᠭᠴᠢ ᠲᠤ᠋᠂ | ᠠᠯᠳᠠᠨᠳᠤᠭᠤᠰ ᠢᠳᠡᠬᠡᠯ ᠬᠦᠰᠡᠯ ᠳᠡᠭᠡᠨ ᠬᠦᠳᠥᠯᠥᠭᠳᠡᠨ᠂ ᠢᠯᠢᠵᠦ ᠨᠤᠬᠤᠯᠠᠬᠤ ᠦᠢᠯᠡᠴᠢᠯᠡᠭᠡ ᠪᠠᠷ ᠢᠶᠠᠨ ᠬᠦᠮᠥᠨ | ᠤᠯᠠᠨ ᠳᠠᠭᠠᠨ ᠦᠢᠯᠡᠴᠢᠯᠡᠵᠦ᠂ ᠡᠷᠡᠬᠦᠯ ᠡᠩᠬᠡ ᠪᠠᠶᠠᠷ ᠵᠢᠷᠭᠠᠯ ᠢ ᠪᠤᠰᠤᠳ ᠲᠠᠢ ᠬᠤᠪᠢᠶᠠᠯᠴᠠᠵᠦ ᠶᠠᠪᠤᠳᠠᠭ ᠠᠴᠠ | ᠲᠡᠬᠦᠨ ᠤ ᠦᠢᠯᠡᠰ ᠤᠨ ᠠᠯᠳᠠᠨ ᠬᠠᠷᠭᠤᠢ ᠨᠢ ᠤᠯᠠᠮ ᠪᠦᠷ ᠰᠠᠷᠠᠭᠤᠯᠵᠢᠨ ᠰᠤᠨᠤᠯᠵᠠᠨ ᠪᠠᠶᠢᠨ᠎ᠠ᠃ |