ᠰᠠᠶ᠋ᠢᠬᠠᠨ ᠮᠣᠩᠭᠤᠯ ᠣᠯᠣᠰ ᠤᠨ ᠬᠠᠨ ᠬᠡᠨᠳᠡᠢ ᠶᠢᠨ ᠡᠵᠡᠨ ᠴᠢᠩᠬᠢᠰ ᠤᠨ ᠦᠯᠦᠬᠡᠢ ᠨᠣᠳᠤᠭ ᠪᠣᠯᠬᠤ | ᠬᠡᠨᠳᠡᠢ ᠶᠢᠨ ᠭᠠᠷ ᠣᠷᠠᠴᠣᠳ ᠤᠨ ᠰᠠᠨᠠᠭᠠᠴᠢᠯᠠᠵᠣ ᠪᠦᠳᠣᠭᠡᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠢᠶᠠᠷ | ᠰᠡᠳᠣᠪᠯᠡᠭᠰᠡᠨ ᠢᠰᠡᠬᠡᠢ ᠰᠢᠷᠢᠮᠡᠯ ᠤᠨ ᠲᠣᠮᠣᠬᠠᠨ ᠪᠦᠳᠣᠭᠡᠯ ᠤᠨ ᠭᠠᠷ ᠣᠷᠠᠯᠠᠯ ᠢ ᠦᠵᠡᠭᠴᠢᠳ ᠣᠯᠠᠨ ᠳᠤ | ᠲᠠᠨᠢᠯᠴᠠᠭᠤᠯᠬᠤ ᠠᠵᠢᠯᠯᠠᠭ᠎ᠠ ᠶᠢᠨ ᠨᠡᠭᠡᠭᠡᠯᠳᠡ ᠶᠢᠨ ᠶᠣᠰᠣᠯᠠᠯ 3 ᠰᠠᠷᠠᠶᠢᠨ 12 ᠤ ᠡᠳᠣᠷ ᠴᠢᠩᠬᠢᠰ ᠬᠤᠳᠠᠨ᠎ᠠ | ᠦᠪᠡᠳᠡᠭᠰᠢ ᠶᠡᠭᠡ ᠪᠠᠷ ᠶᠠᠪᠣᠭᠳᠠᠪᠠ᠃ | ᠣᠣᠯ ᠪᠦᠳᠣᠭᠡᠯ ᠢ ᠰᠠᠨᠠᠭᠠᠴᠢᠯᠠᠵᠣ ᠪᠦᠳᠣᠭᠡᠭᠰᠡᠨ ᠨᠡᠷᠡᠭᠦᠢ ᠨᠠᠷᠠᠨᠳᠣᠶᠠᠭ᠎ᠠ ᠬᠤᠶᠠᠭᠤᠯᠠ ᠶᠢᠨ | ᠲᠡᠭᠡᠳᠣᠴᠣᠳ ᠨᠢ ᠮᠣᠩᠭᠤᠯ ᠣᠯᠣᠰ ᠤᠨ ᠪᠣᠷᠬᠠᠨ ᠬᠠᠯᠳᠣᠨ ᠠᠭᠤᠯᠠ ᠶᠢᠨ ᠡᠩᠭᠡᠷ ᠢᠶᠠᠷ ᠦᠶ᠎ᠡ ᠲᠠᠮᠵᠢᠨ | ᠠᠮᠢᠳᠣᠷᠠᠵᠣ ᠢᠷᠡᠵᠡᠢ᠃ ᠣᠳᠣᠮᠳᠣ ᠠᠶᠢᠯ ᠤᠨ ᠣᠭᠰᠠᠭ᠎ᠠ ᠶᠢ ᠵᠠᠯᠭᠠᠮᠵᠢᠯᠠᠭᠰᠠᠨ ᠨᠡᠷᠡᠬᠦᠢ ᠨᠠᠷᠠᠨᠳᠣᠶᠠᠭ᠎ᠠ ᠨᠠᠷ | ᠡᠵᠡᠨ ᠴᠢᠩᠬᠢᠰ ᠤᠨ ᠦᠯᠣᠬᠡᠢ ᠨᠣᠳᠤᠭ ᠲᠤ ᠲᠦᠷᠣᠵᠣ ᠦᠰᠦᠭᠰᠡᠨ ᠳᠡᠭᠡᠨ ᠣᠮᠣᠭᠰᠢᠵᠣ ᠪᠠᠭ᠋ᠠᠷᠬᠠᠵᠣ ᠶᠠᠪᠣᠳᠠᠭ | ᠤᠨ ᠣᠴᠢᠷ᠂ ᠨᠣᠳᠤᠭ ᠣᠰᠣᠨ ᠳᠠᠭᠠᠨ ᠶᠠᠭᠤ ᠨᠢᠭᠡ ᠶᠢ ᠪᠦᠳᠣᠭᠡᠭᠦ ᠶᠣᠮ ᠬᠡᠵᠣ ᠨᠡᠷᠡᠬᠦᠢ ᠮᠠᠨᠢ ᠨᠢᠮᠪᠠᠢ ᠰᠡᠳᠣᠨ | ᠲᠦᠰᠦᠪᠯᠡᠵᠣ᠂ ᠲᠡᠬᠦᠨ ᠤ ᠪᠦᠰᠡᠭᠦᠢ ᠨᠠᠷᠠᠨᠳᠣᠶᠠᠭ᠎ᠠ ᠨᠢ ᠨᠢᠬᠡᠨᠳᠡ ᠮᠠᠷᠳᠠᠵᠣ ᠣᠷᠬᠢᠭᠳᠠᠭᠰᠠᠨ ︽ᠰᠢᠷᠢᠵᠦ ︵ | ᠵᠡᠭᠡᠭᠯᠡᠵᠦ︶ ᠣᠶᠣᠬᠤ ᠦᠢᠯᠡ︾ ᠶᠢ ᠭᠤᠷᠪᠡᠨ ᠦᠶ᠎ᠠ ᠪᠠᠷ ᠠᠪᠴᠣ ᠶᠠᠪᠣᠭ᠎ᠠ ᠣᠶᠣᠳᠠᠯᠴᠢᠨ ᠤ ᠬᠤᠪᠢ ᠳᠤ ᠦᠪᠡᠷ | ᠤᠨ ᠣᠷ᠎ᠠ ᠠᠪᠢᠶᠠᠰ ᠢᠶᠠᠨ ᠪᠠᠳᠠᠷᠠᠭᠤᠯᠵᠣ᠂ ᠲᠡᠯᠡᠬᠡᠢ ᠶᠢᠨ ᠭᠢᠨᠡᠰ ᠤᠨ ᠲᠡᠮᠳᠡᠭᠯᠡᠯ ᠳᠤ ᠪᠦᠷᠢᠳᠭᠡᠭᠦᠯᠬᠦ ᠪᠠᠷ 108 | ᠮᠧᠲᠷ ᠤᠨ ᠣᠷᠳᠣ ᠰᠠᠶᠢᠬᠠᠨ ᠢᠰᠡᠭᠡᠢ ᠲᠡᠭᠡᠷ᠎ᠡ ︽ᠮᠣᠩᠭᠤᠯ ᠤᠨ ᠨᠢᠭᠤᠴᠠ ᠲᠣᠪᠴᠢᠶᠠᠨ︾ ᠬᠡᠮᠡᠬᠦ ᠲᠣᠮᠣ | ᠪᠦᠳᠣᠭᠡᠯ ᠤᠨ 167 ᠦᠯᠢᠭᠡᠷ ᠢᠶᠠᠷ ᠰᠡᠳᠣᠪᠯᠡᠵᠣ᠂ ᠡᠵᠡᠨ ᠴᠢᠩᠬᠢᠰ ᠬᠠᠭᠠᠨ ᠤ ᠲᠦᠷᠦᠬᠦ ᠠᠴᠠ ᠡᠬᠢᠯᠡᠨ᠂ ᠨᠠᠰᠣ | ᠡᠴᠣᠰᠯᠡᠬᠦ ᠬᠦᠷᠳᠡᠯᠡᠬᠢ ᠦᠢᠯᠡ ᠶᠠᠪᠣᠳᠠᠯ ᠢ ᠲᠦᠷᠰᠦᠯᠡᠵᠣ ᠣᠷᠠᠯᠠᠭᠰᠠᠨ ᠭᠠᠷ ᠣᠷᠠᠯᠠᠯ ᠤᠨ ᠲᠣᠮᠣᠬᠠᠨ ᠪᠦᠳᠣᠭᠡᠯ ᠢ | ᠡᠬᠦᠳᠴᠠᠢ᠃ | | | | | | ᠡᠨᠡᠬᠦ ᠲᠣᠮᠣ ︽ᠢᠰᠡᠭᠡᠢ ᠰᠢᠷᠡᠮᠡᠯ︾ ᠭᠠᠷ ᠣᠷᠠᠯᠠᠯ ᠤᠨ ᠪᠦᠳᠣᠭᠡᠯ ᠨᠢ ᠨᠡᠷᠡᠭᠦᠢ ᠨᠠᠷᠠᠨᠳᠣᠶᠠᠭ᠎ᠠ ᠨᠠᠷ | ᠤᠨ ᠰᠠᠳᠣᠨ ᠲᠦᠷᠦᠯ᠂ ᠨᠣᠳᠤᠭ ᠣᠰᠣᠨ ᠤ ᠬᠢᠨ ᠠᠬᠠᠨ ᠲᠡᠭᠦᠦᠰ ᠵᠢᠴᠢ ᠮᠣᠩᠭᠤᠯ ᠲᠣᠭᠤᠷᠢᠭᠳᠠᠨ ᠤ ᠬᠠᠯᠠᠭᠤᠨ | ᠰᠡᠳᠬᠢᠯᠭᠡ ᠲᠠᠢ ᠬᠦᠮᠦᠰ ᠤᠨ ᠬᠠᠮᠳᠣ ᠶᠢᠨ ᠲᠡᠮᠵᠢᠯᠭᠡ ᠪᠠᠷ ᠵᠢᠯ ᠭᠠᠷᠣᠢ ᠶᠢᠨ ᠴᠠᠭ ᠬᠤᠭᠤᠴᠠᠭ᠎ᠠ ᠬᠡᠷᠡᠭᠰᠡᠵᠣ᠂ | ᠣᠷᠢᠳ ᠬᠤᠵᠢᠳ ᠲᠡᠯᠡᠭᠡᠢ ᠶᠢᠨ ᠦᠨᠴᠦᠭ ᠪᠣᠯᠣᠩ ᠠᠴᠠ ᠴᠣᠭᠯᠠᠷᠠᠭᠰᠠᠨ ᠮᠣᠩᠭᠤᠯᠴᠣᠳ ᠤᠨ 27 ᠶᠠᠰᠣᠳᠠᠨ ᠤ | 5 ᠮᠢᠩᠭ᠎ᠠ ᠭᠠᠷᠣᠢ ᠣᠶᠣᠳᠠᠯᠴᠢᠳ ᠤᠨ ᠣᠷᠣᠯᠴᠠᠯᠭ᠎ᠠ ᠲᠠᠢ ᠬᠦᠳᠡᠯᠮᠣᠷᠢ ᠪᠠᠷ ᠲᠡᠬᠦᠰ ᠠᠮᠵᠢᠯᠳᠠ ᠲᠠᠢ ᠪᠡᠶᠡᠯᠡᠭᠳᠡᠵᠣ | ᠂ ᠣᠯᠠᠨ ᠤ ᠬᠠᠷᠠᠭᠠᠨ ᠳᠤ ᠲᠠᠨᠢᠯᠴᠠᠭᠤᠯᠣᠭᠳᠠᠵᠣ ᠪᠠᠶᠢᠭ᠎ᠠ ᠨᠢ ᠡᠨᠡ ᠠᠵᠠᠢ᠃ ᠲᠠᠷᠠᠭ᠎ᠠ ᠠᠯᠬᠤᠮ ᠳᠤ 7 ᠰᠠᠷ᠎ᠠ | ᠶᠢᠨ ᠪᠠᠷᠤᠭ ᠢᠶᠠᠷ ᠣᠯᠠᠭᠠᠨᠪᠠᠭᠠᠳᠣᠷ ᠬᠤᠳᠠᠨ ᠳᠤ ᠶᠠᠪᠣᠭᠳᠠᠭᠤᠯᠬᠤ ᠬᠢᠨᠢᠰ ᠤᠨ ᠪᠦᠷᠢᠳᠭᠡᠯ ᠳᠤ ᠲᠠᠩᠰᠠᠯᠠᠭᠤᠯᠬᠤ | ᠠᠵᠢᠯᠯᠠᠭ᠎ᠠ ᠪᠠᠨ ᠡᠷᠬᠢᠯᠡᠬᠦ ᠪᠠᠷ ᠵᠢᠱᠢᠵᠦ᠂ ᠬᠠᠨ ᠬᠡᠨᠳᠡᠢ ᠶᠢᠨ ᠨᠣᠳᠤᠭ ᠲᠤ ᠡᠨᠡᠬᠦ ᠭᠠᠷ ᠣᠷᠠᠯᠠᠯ ᠤᠨ ᠲᠣᠮᠣ | ᠪᠦᠳᠣᠭᠡᠯ ᠢᠶᠠᠨ ᠲᠡᠯᠬᠡᠵᠣ ᠰᠣᠨᠢᠷᠬᠠᠭᠤᠯᠬᠤ 24 ᠬᠠᠨ᠎ᠠ ᠲᠠᠢ ᠮᠣᠨᠳᠠᠭ ᠲᠣᠮᠣ ᠦᠷᠣᠭᠡ ᠶᠢ ᠪᠠᠶᠢᠭᠤᠯᠬᠤ ᠲᠣᠬᠠᠢ | ᠠᠩᠬᠠᠨ ᠤ ᠬᠠᠷᠠᠯᠳᠠ ᠪᠠᠨ ᠵᠠᠷᠯᠠᠪᠠ᠃ | ᠲᠣᠰ ᠣᠳᠠᠭᠠᠨ ᠤ ᠲᠡᠯᠭᠡᠨ ᠦᠵᠡᠬᠦᠯᠬᠦ ᠶᠣᠰᠣᠯᠠᠯ ᠳᠤ ᠡᠨᠡᠬᠦ ᠠᠵᠢᠯᠯᠠᠭ᠎ᠠ ᠶᠢ ᠢᠪᠡᠭᠡᠨ ᠲᠡᠮᠵᠢᠭᠰᠡᠨ | ᠲᠣᠮᠳᠠᠳᠣ ᠣᠯᠣᠰ ᠤᠨ ᠰᠢᠯᠢ ᠶᠢᠨ ᠭᠤᠣᠯ ᠠᠶᠢᠮᠠᠭ ᠪᠣᠯᠣᠨ ᠣᠷᠣᠰ ᠤᠨ ᠬᠤᠯᠪᠣᠭᠠᠨ ᠤ ᠪᠣᠷᠢᠶᠠᠳ ᠣᠯᠣᠰ ᠤᠨ | ᠡᠯᠢᠬᠡ ᠨᠢᠬᠡᠳᠡᠢ ᠵᠣᠴᠢᠨ ᠲᠦᠯᠦᠭᠡᠯᠡᠭᠴᠢᠳ ᠣᠷᠢᠭᠳᠠᠵᠣ ᠣᠷᠣᠯᠴᠠᠭᠰᠠᠨ ᠪᠠᠶᠢᠨ᠎ᠠ᠃ ᠬᠡᠬᠦ ᠳᠤ᠂ ᠮᠠᠨ ᠤ ᠣᠷᠣᠨ | ᠤ ᠰᠢᠯᠢ ᠶᠢᠨ ᠭᠤᠣᠯ ᠠᠶᠢᠮᠠᠭ ᠤᠨ ᠦᠵᠦᠮᠦᠴᠢᠨ ᠢᠶᠠᠷ ᠭᠤᠣᠯᠯᠠᠭᠰᠠᠨ ᠰᠦᠨᠢᠳ᠂ ᠠᠪᠠᠭ᠎ᠠ᠂ ᠡᠷᠢᠶᠡᠨ ᠬᠤᠳᠠ | ᠵᠡᠷᠬᠡ ᠬᠤᠰᠢᠭᠤ ᠬᠤᠳᠠ ᠶᠢᠨ ᠬᠤᠷᠢ ᠭᠠᠷᠣᠢ ᠮᠠᠯᠴᠢᠳ ᠢᠶᠠᠷ ᠪᠦᠷᠢᠯᠳᠦᠭᠰᠡᠨ ᠡᠩᠨᠡᠭᠡ ᠨᠢ ᠮᠠᠯᠴᠢᠨ ᠪᠣᠭᠤᠷᠣᠯ | ᠭᠡᠷᠡᠯᠳᠣᠶᠠᠭᠠ ᠭᠤᠸᠠᠢ ᠶᠢᠨ ᠲᠠᠭᠠᠭᠤᠯᠭ᠎ᠠ ᠲᠠᠢ ᠬᠦᠷᠣᠯᠴᠠᠨ ᠣᠷᠣᠯᠴᠠᠪᠠ᠃ ᠡᠨᠡᠬᠦ ᠲᠣᠮᠣ ᠪᠦᠳᠣᠭᠡᠯ ᠢᠰᠡᠭᠡᠢ | ᠣᠷᠠᠯᠠᠯ ᠢ ᠲᠡᠮᠵᠢᠭᠴᠢ ᠡᠷᠢᠶᠡᠨ ᠬᠤᠳᠠ ᠶᠢᠨ ᠠᠬᠠᠮᠠᠳ ᠮᠠᠯᠴᠢᠨ ᠭᠡᠷᠡᠯᠳᠣᠶᠠᠭᠠ ᠪᠣᠯᠣᠨ ᠵᠡᠬᠦᠨ ᠦᠵᠦᠮᠦᠴᠢᠨ ᠤ | ᠮᠠᠯᠴᠢᠨ ᠵᠠᠯᠠᠭᠤ ᠪᠦᠬᠡᠵᠠᠶᠠᠭᠠ ᠨᠠᠷ ᠮᠣᠩᠭᠤᠯ ᠣᠯᠣᠰ ᠤᠨ ᠴᠢᠩᠬᠢᠰ ᠬᠤᠳᠠᠨ᠎ᠠ ︽ᠬᠠᠨ ᠬᠡᠨᠳᠡᠢ ᠶᠢᠨ ᠠᠯᠳᠠᠷᠳᠠᠨ︾ | ᠢᠶᠠᠷ ᠨᠡᠷᠡᠶᠢᠳᠦᠭᠳᠡᠵᠣ᠂ ᠮᠧᠲᠠᠯ ᠤᠨ ᠱᠠᠩᠨᠠᠯ ᠲᠣᠰᠴᠠᠢ᠃ | | |