ᠡᠷᠳᠡ ᠤᠷᠢᠳᠠ ᠶᠢᠨ ᠴᠠᠭ ᠲᠤ ᠬᠤᠶᠠᠷ ᠭᠦᠪᠡᠭᠦᠨ ᠲᠠᠢ ᠨᠢᠭᠡ ᠠᠶᠢᠯ ᠪᠠᠶᠢᠵᠤ ᠭᠡᠨ᠎ᠡ᠃ ᠶᠡᠭᠡ | ᠭᠦᠪᠡᠭᠦᠨ ᠨᠢ ᠠᠵᠢᠯ ᠭᠦᠳᠡᠯᠮᠤᠷᠢ ᠭᠢᠳᠡᠭ ᠦᠭᠡᠢ ᠠᠯᠵᠠᠭᠤ ᠵᠠᠯᠬᠠᠭᠤ ᠮᠦᠷᠳᠡᠭᠡᠨ ᠪᠠᠶᠢᠭᠰᠠᠨ ᠶᠠᠭᠤᠮ᠎ᠠ ᠪᠠᠨ | ᠪᠦᠷᠢᠯᠭᠡᠭᠡᠳ ᠪᠠᠶᠢᠬᠤᠯᠠᠷ ᠡᠵᠢ ᠨᠢ ᠨᠢᠭᠡᠨ ᠡᠳᠤᠷ ᠨᠢᠭᠡ ᠮᠦᠩᠭᠦᠨ ᠵᠤᠭᠤᠰ ᠦᠭᠭᠦᠭᠡᠳ᠄ ︽ᠴᠢ ᠡᠭᠦᠨ ᠢᠶᠠᠷ ᠠᠮᠢ | ᠵᠢᠭᠤᠭᠠᠳ ᠲᠤᠷ᠎ᠠ ᠲᠠᠢ ᠭᠠᠵᠠᠷ ᠢᠶᠠᠨ ᠶᠠᠪᠤᠵᠤ ᠠᠮᠢᠳᠤᠷᠠᠭᠳᠤᠨ᠂ ᠲᠠᠭᠢᠵᠤ ᠭᠡᠷ ᠲᠤ ᠪᠠᠨ ᠪᠢᠳᠡᠭᠡᠢ ᠢᠷ᠎ᠡ︕︾ | ᠭᠡᠵᠤ ᠭᠡᠯᠡᠭᠡᠳ ᠶᠠᠪᠤᠭᠤᠯᠬᠤ ᠭᠡᠵᠡᠢ᠃ ᠲᠡᠭᠡᠭᠦ ᠳᠤ ᠪᠠᠭ᠎ᠠ ᠭᠦᠤ ᠨᠢ ᠰᠠᠶ᠋ᠢ ᠨᠠᠢᠮᠠᠨ ᠨᠠᠰᠤᠳᠠᠢ ᠪᠢᠴᠢᠬᠠᠨ ᠭᠡᠦᠭᠡᠳ | ᠪᠤᠯᠬᠤᠷ ᠵᠠᠪᠠᠯ ᠠᠬ᠎ᠠ ᠪᠠᠨ ᠲᠠᠭᠠᠵᠤ ᠶᠠᠪᠤᠨ᠎ᠠ ᠭᠡᠳ ᠶᠠᠭᠠᠭᠢᠵᠤ ᠢᠳᠬᠠᠵᠤ ᠬᠤᠷᠢᠭᠯᠠᠪᠠᠴᠤ ᠡᠰᠨ ᠪᠤᠯᠪᠠ ᠭᠡᠨ᠎ᠡ᠃ | ᠲᠡᠭᠡᠭᠡᠳ ᠡᠵᠢ ᠨᠢ ᠠᠷᠭ᠎ᠠ ᠪᠤᠰᠤ ᠪᠠᠰᠨ ᠨᠢᠭᠡ ᠮᠦᠩᠭᠦᠨ ᠵᠤᠭᠤᠰ ᠦᠭᠭᠦᠭᠡᠳ᠄ ︽ᠵᠠᠶᠠᠭ᠎ᠠ ᠴᠢᠨᠢ ᠮᠡᠳᠡᠳᠤᠭᠡᠢ︾ | ᠭᠡᠳ ᠠᠬ᠎ᠠ ᠲᠡᠭᠦᠦ ᠬᠤᠶᠠᠭᠤᠯᠨ ᠶᠢ ᠠᠯᠤᠰ ᠤᠨ ᠵᠠᠮ ᠳᠤ ᠭᠠᠷᠭᠠᠵᠠᠢ᠃ | ᠲᠡᠭᠡᠭᠡᠳ ᠠᠬ᠎ᠠ ᠲᠡᠭᠦᠦ ᠬᠤᠶᠠᠭᠤᠯᠨ ᠪᠠᠨ ᠶᠠᠪᠤᠭᠰᠠᠭᠠᠷ ᠲᠡᠭᠦᠦ ᠨᠢ ᠶᠠᠳᠠᠷᠠᠭᠠᠳ ᠶᠠᠪᠤᠵᠤ ᠲᠡᠶᠢᠯᠭᠦ | ᠦᠭᠡᠢ ᠪᠤᠯᠤᠭᠰᠠᠨ ᠳᠤ ᠬᠤᠶᠠᠭᠤᠯᠨ ᠨᠢᠭᠡ ᠪᠦᠳᠦᠭᠦᠨ ᠮᠤᠳᠤᠨ ᠲᠤᠤᠷ᠎ᠠ ᠠᠮᠠᠷᠠᠭᠠᠳ ᠰᠠᠭᠤᠵᠠᠢ᠃ ᠶᠠᠳᠠᠷᠠᠵᠤ | ᠵᠦᠳᠡᠷᠡᠭᠰᠡᠨ ᠲᠡᠭᠦᠦ ᠨᠢ ᠠᠬ᠎ᠠ ᠶᠢᠨ ᠢᠶᠠᠨ ᠡᠪᠤᠳᠤᠭ᠌ ᠢ ᠲᠦᠰᠢᠮᠡᠭᠴᠨ ᠠᠮᠳᠠᠳᠠᠢ ᠰᠠᠶᠢᠬᠠᠨ ᠤᠨᠳᠠᠭᠠᠳ ᠦᠭᠴᠡᠢ | ᠃ ᠡᠨᠡ ᠬᠤᠭᠤᠷᠤᠨᠳᠤ ᠠᠬ᠎ᠠ ᠨᠢ ᠬᠤᠶᠠᠷ ᠮᠤᠳᠤᠨ ᠱᠤᠷᠤ ᠵᠤᠷᠭᠤᠵᠤ ᠲᠡᠭᠦᠦ ᠶᠢᠨ ᠢᠶᠠᠨ ᠨᠢᠳᠤ ᠤᠷᠤᠭᠤ | ᠴᠢᠴᠢᠭᠡᠳ ᠬᠤᠶᠠᠷ ᠮᠦᠩᠭᠦᠨ ᠵᠤᠭᠤᠰ ᠢᠶᠠᠨ ᠠᠪᠤᠭᠠᠳ ᠬᠤᠯᠨ ᠲᠤᠳᠠᠭᠠᠨ ᠶᠠᠪᠤᠵᠤ ᠭᠡᠨ᠎ᠡ᠃ | ᠢᠩᠭᠢᠭᠡᠳ ᠰᠤᠬᠤᠷ ᠭᠦᠪᠡᠭᠦᠨ ᠭᠤᠷᠪᠠᠨ ᠵᠢᠯ ᠲᠠᠨᠤᠭᠡᠳ᠂ ᠭᠡᠨᠡᠳᠳᠡ ᠨᠢᠭᠡᠨ ᠡᠳᠤᠷ ᠲᠠᠨᠤᠵᠤ | ᠶᠠᠪᠤᠭᠰᠠᠭᠠᠷ ᠭᠦᠨ ᠬᠤᠳᠳᠤᠭ ᠲᠤ ᠤᠨᠠᠴᠢᠬᠠᠵᠠᠢ᠃ ᠲᠡᠭᠡᠭᠡᠳ ᠭᠠᠷᠴᠤ ᠴᠢᠳᠠᠬᠤ ᠦᠭᠡᠢ ᠵᠤᠪᠠᠵᠤ ᠪᠠᠶᠢᠳᠠᠯ᠎ᠠ | ᠲᠡᠭᠷᠢ ᠶᠢᠨ ᠭᠤᠷᠪᠠᠨ ᠭᠡᠦᠭᠡᠨ ᠮᠤᠷᠢ ᠪᠠᠨ ᠤᠰᠤᠯᠠᠬᠤ ᠪᠠᠷ ᠡᠨᠡ ᠬᠤᠳᠳᠤᠭ ᠲᠡᠭᠡᠷ᠎ᠡ ᠢᠷᠡᠭᠡᠳ᠄ ︽ | ᠴᠠᠭᠠᠨᠪᠠᠭᠠᠳᠤᠷ ᠬᠠᠭᠠᠨ ᠤ ᠬᠤᠷᠢᠨ ᠨᠠᠰᠤᠳᠠᠢ ᠭᠦᠪᠡᠭᠦᠨ ᠶᠢᠰᠤᠨ ᠵᠢᠯ ᠡᠪᠡᠳᠤᠭᠡᠳ ᠤᠳᠤ ᠶᠢᠰᠤ ᠬᠤᠨᠤᠪᠠᠯ | ᠦᠭᠦᠭᠦ ᠶᠤᠮ ᠪᠠᠶᠢᠨ᠎ᠠ︾ ᠭᠡᠵᠤ ᠨᠢᠭᠡ ᠨᠢ ᠭᠡᠯᠡᠭᠰᠡᠨ ᠳᠤ ᠨᠦᠭᠦᠭᠡ ᠨᠢ᠄︽ᠲᠡᠶᠢᠮᠤ ᠤᠳᠠᠭᠠᠨ ᠡᠪᠡᠳᠴᠤ ᠪᠠᠶᠢᠬᠤ | ᠳᠤ ᠶᠠᠭᠠᠭᠢᠭᠠᠳ ᠦᠵᠡᠭᠦᠯᠭᠦ ᠦᠭᠡᠢ ᠶᠤᠮ ᠪᠤᠢ︖ ᠠᠷᠭ᠎ᠠ ᠪᠠᠶᠢᠳᠠᠭ ᠦᠭᠡᠢ ᠶᠤᠮ ᠤᠤ︖︾ ᠭᠡᠵᠤ | ᠠᠰᠠᠭᠤᠭᠰᠠᠨ ᠳᠤ᠄ ︽ᠠᠷᠭ᠎ᠠ ᠪᠠᠶᠢᠯᠭᠦᠢ᠂ ᠠᠷᠭ᠎ᠠ ᠶᠢ ᠨᠢ ᠤᠯᠵᠤ ᠴᠢᠳᠠᠬᠤ ᠦᠭᠡᠢ ᠪᠠᠶᠢᠨ᠎ᠠ᠃ ᠡᠨᠡ ᠬᠤᠳᠳᠤᠭ | ᠤᠨ ᠪᠠᠷᠠᠭᠤᠨ ᠬᠤᠶᠢᠳᠤ ᠲᠠᠯ᠎ᠠ ᠳᠤ ᠨᠢᠭᠡ ᠪᠦᠳᠦᠭᠦᠨ ᠤᠷᠭᠤᠭ᠎ᠠ ᠮᠤᠳᠤ ᠪᠤᠢ᠂ ᠲᠡᠭᠦᠨ ᠢ ᠲᠤᠬᠤᠢ ᠭᠦᠨ | ᠮᠠᠯᠳᠠᠭᠠᠳ ᠪᠤᠯᠭᠠᠯᠠᠪᠠᠯ ᠢᠷᠤᠭᠠᠷ ᠠᠴᠠ ᠨᠢ ᠭᠤᠷᠪᠠᠨ ᠴᠠᠭᠠᠨ ᠮᠦᠭᠦ ᠭᠠᠷᠴᠤ ᠢᠷᠡᠨ᠎ᠡ᠃ ᠲᠡᠭᠦᠨ ᠢ ᠭᠤᠷᠪᠠᠨ | ᠡᠳᠤᠷ ᠴᠢᠨᠠᠵᠤ ᠤᠤᠭᠤᠯᠭᠠᠪᠠᠯ ᠲᠡᠷᠨ ᠭᠦᠪᠡᠭᠦᠨ ᠤ ᠡᠪᠡᠳᠴᠢᠨ ᠰᠠᠶᠢᠨ ᠪᠤᠯᠤᠨ᠎ᠠ︕︾ ᠭᠡᠵᠡᠢ᠃ ᠲᠡᠭᠡᠵᠤ | ᠪᠠᠶᠢᠳᠠᠯ᠎ᠠ ᠪᠠᠰᠨ ᠨᠢᠭᠡ ᠨᠢ᠄ ︽ᠭᠦᠶ᠋ᠢ᠂ ᠡᠨᠡ ᠬᠤᠳᠳᠤᠭ ᠤᠨ ᠵᠡᠭᠦᠨ ᠡᠮᠤᠨ᠎ᠠ ᠲᠠᠯ᠎ᠠ ᠳᠤ ᠪᠠᠰᠨ ᠨᠢᠭᠡ | ᠪᠦᠳᠦᠭᠦᠨ ᠤᠷᠭᠤᠭ᠎ᠠ ᠮᠤᠳᠤ ᠪᠠᠶᠢᠳᠠᠭ᠂ ᠲᠡᠷᠨ ᠮᠤᠳᠤ ᠶᠢ ᠮᠠᠯᠳᠠᠭᠠᠳ ᠪᠤᠯᠭᠠᠯᠠᠪᠠᠯ ᠢᠷᠤᠭᠠᠷ ᠲᠤ ᠨᠢ ᠪᠢᠴᠢᠬᠠᠨ | ᠨᠤᠭᠤᠭᠠᠨ ᠴᠢᠯᠠᠭᠤ ᠪᠠᠶᠢᠳᠠᠭ᠂ ᠲᠡᠭᠦᠨ ᠢᠶᠠᠷ ᠨᠢᠳᠤ ᠦᠭᠡᠢ ᠰᠤᠬᠤᠷ ᠭᠦᠮᠤᠨ ᠭᠤᠷᠪᠠᠨ ᠬᠤᠨᠤᠭ ᠨᠢᠳᠤ ᠪᠠᠨ | ᠠᠷᠴᠢᠪᠠᠯ ᠨᠢᠳᠤ ᠤᠷᠤᠳᠠᠭ ᠭᠡᠰᠡᠨ ᠦᠨᠡᠨ ᠤᠤ︖︾ ᠭᠡᠰᠡᠨ ᠳᠤ᠂ ᠨᠦᠭᠦᠭᠡ ᠨᠢ᠄ ︽ᠦᠨᠡᠨ ᠪᠠᠶᠢᠯᠭᠦᠢ | ᠶᠠᠭᠠᠭᠢᠬᠤ ᠪᠤᠢ︖︾ ᠭᠡᠵᠤ ᠭᠡᠯᠡᠯᠴᠡᠵᠤ ᠪᠠᠶᠢᠬᠤ ᠶᠢ ᠰᠤᠬᠤᠷ ᠭᠦᠪᠡᠭᠦᠨ ᠬᠤᠳᠳᠤᠭ ᠲᠤᠳᠤᠷ᠎ᠠ ᠠᠴᠠ | ᠰᠤᠨᠤᠰᠴᠡᠢ᠃ ᠲᠡᠭᠷᠢ ᠶᠢᠨ ᠦᠭᠢᠳ ᠶᠠᠪᠤᠭᠰᠠᠨ ᠬᠤᠶᠢᠨ᠎ᠠ ᠬᠠᠭᠠᠨ ᠤ ᠤᠰᠤ ᠠᠪᠳᠠᠭ ᠡᠪᠤᠭᠡᠨ ᠢᠷᠡᠭᠦ ᠳᠤ | ᠰᠤᠬᠤᠷ ᠭᠦᠪᠡᠭᠦᠨ ᠬᠤᠳᠳᠤᠭ ᠲᠤᠳᠤᠷ᠎ᠠ ᠠᠴᠠ᠄ ︽ᠡᠪᠤᠭᠡᠨ ᠠᠪᠤ ᠮᠢᠨᠢ᠂ ᠪᠢ ᠬᠤᠳᠳᠤᠭ ᠲᠤ ᠤᠨᠠᠴᠢᠬᠠᠯ᠎ᠠ᠂ | ᠲᠠᠳᠠᠭᠠᠳ ᠭᠠᠷᠭᠠᠭᠠᠴᠢ︕︾ ᠭᠡᠵᠤ ᠭᠤᠶᠤᠭᠰᠠᠨ ᠳᠤ ᠡᠪᠤᠭᠡᠨ᠄︽ᠴᠢ ᠶᠠᠮᠠᠷ ᠭᠦᠮᠤᠨ ᠪᠤᠢ︖︾ ᠭᠡᠭᠦ ᠳᠤ | ᠰᠤᠬᠤᠷ ᠭᠦᠪᠡᠭᠦᠨ ᠦᠪᠡᠷ ᠤᠨ ᠤᠴᠢᠷ ᠢᠶᠠᠨ ᠭᠡᠯᠡᠭᠰᠡᠨ ᠳᠤ ᠡᠪᠤᠭᠡᠨ ᠠᠪᠤ ᠲᠡᠭᠦᠨ ᠢ ᠤᠰᠤᠨ ᠠᠴᠠ ᠲᠠᠳᠠᠨ | ᠭᠠᠷᠭᠠᠪᠠ ᠭᠡᠨ᠎ᠡ᠃ | ᠰᠠᠶ᠋ᠢᠭᠢ ᠭᠦᠪᠡᠭᠦᠨ ᠤᠰᠤᠨ ᠠᠴᠠ ᠭᠠᠷᠤᠭᠠᠳ ᠡᠪᠤᠭᠡᠨ ᠠᠴᠠ᠄ ︽ᠲᠠᠨ ᠤ ᠬᠠᠭᠠᠨ ᠤ | ᠭᠦᠪᠡᠭᠦᠨ ᠡᠪᠡᠳᠤᠭᠡᠳ ᠶᠢᠰᠤᠨ ᠵᠢᠯ ᠪᠤᠯᠤᠭᠰᠠᠨ ᠭᠡᠳᠡᠭ᠂ ᠲᠡᠶᠢᠮᠤ ᠤᠤ︖︾ ᠭᠡᠵᠤ ᠠᠰᠠᠭᠤᠭᠰᠠᠨ ᠳᠤ᠄ ︽ | ᠲᠡᠶᠢᠮᠤ ᠡ᠂ ᠴᠢ ᠶᠠᠭᠠᠭᠢᠵᠤ ᠮᠡᠳᠡᠭᠰᠡᠨ ᠪᠤᠢ︖︾ ᠭᠡᠵᠡᠢ᠃ ᠰᠤᠬᠤᠷ ᠭᠦᠪᠡᠭᠦᠨ᠄ ︽ᠪᠢ ᠮᠡᠳᠡᠭᠦ ᠪᠠᠷ ᠪᠠᠷᠠᠬᠤ | ᠦᠭᠡᠢ ᠶᠠᠭᠠᠭᠢᠪᠠᠯ ᠰᠠᠶ᠋ᠢ ᠡᠳᠡᠭᠡᠭᠦ ᠠᠷᠭ᠎ᠠ ᠶᠢ ᠭᠦᠷᠳᠡᠯ᠎ᠠ ᠮᠡᠳᠡᠨ᠎ᠠ︾ ᠭᠡᠵᠡᠢ᠃ ᠤᠰᠤᠴᠢᠨ ᠡᠪᠤᠭᠡᠨ ᠤᠴᠢᠭᠠᠳ | ᠬᠠᠭᠠᠨ ᠳᠤ ᠪᠠᠨ ᠮᠡᠳᠡᠭᠦᠯᠵᠡᠢ᠃ | ᠬᠠᠭᠠᠨ ᠰᠤᠨᠤᠰᠤᠭᠠᠳ ᠰᠤᠬᠤᠷ ᠭᠦᠪᠡᠭᠦᠨ ᠢ ᠲᠠᠭᠤᠳᠠᠭᠤᠯᠤᠭᠠᠳ᠄ ︽ᠭᠦᠪᠡᠭᠦᠨ ᠮᠢᠨᠢ | ᠡᠪᠡᠳᠤᠭᠡᠳ ᠶᠢᠰᠤᠨ ᠵᠢᠯ ᠪᠤᠯᠤᠯ᠎ᠠ᠃ ᠴᠢᠮ᠎ᠠ ᠳᠤ ᠠᠷᠭ᠎ᠠ ᠪᠠᠶᠢᠨ᠎ᠠ ᠤᠤ︖︾ ᠭᠡᠵᠡᠢ᠃ ᠰᠠᠶ᠋ᠢᠭᠢ ᠭᠦᠪᠡᠭᠦᠨ᠄ ︽ | ᠮᠠᠷᠭᠠᠰᠢ ᠦᠷᠯᠦᠭᠡᠨ ᠤ ᠨᠠᠷᠨ ᠪᠢᠳᠡᠭᠦᠦ ᠪᠠᠷ ᠬᠤᠷᠢᠨ ᠲᠠᠪᠤᠨ ᠵᠠᠯᠠᠭᠤ ᠡᠷ᠎ᠡ ᠶᠢ ᠴᠤᠭᠯᠠᠭᠤᠯᠤᠨ ᠭᠦᠷᠵᠨ ᠵᠡᠭᠡᠳᠤᠤ | ᠠᠪᠤᠭᠠᠳ ᠬᠤᠳᠳᠤᠭ ᠲᠠᠭᠡᠷ᠎ᠡ ᠤᠴᠢ︾ ᠭᠡᠵᠤ ᠭᠡᠯᠡᠴᠢᠭᠡᠭᠡᠳ ᠶᠠᠪᠤᠵᠠᠢ᠃ ᠮᠠᠷᠭᠠᠰᠢ ᠦᠷᠯᠦᠭᠡ ᠨᠢ ᠭᠡᠯᠡᠭᠰᠡᠨ | ᠶᠤᠰᠤᠭᠠᠷ ᠨᠢ ᠭᠦᠷᠦᠭᠡᠳ ᠤᠴᠢᠬᠤ ᠳᠤ ᠦᠨᠤᠭᠢ ᠭᠦᠪᠡᠭᠦᠨ ᠭᠡᠳᠤᠶᠢᠨ ᠢᠷᠡᠭᠡᠳ ᠰᠠᠭᠤᠵᠤ ᠪᠠᠶᠢᠵᠠᠢ᠃ ᠲᠡᠷᠨ᠄ ︽ | ᠡᠨᠡ ᠬᠤᠳᠳᠤᠭ ᠤᠨ ᠪᠠᠷᠠᠭᠤᠨ ᠬᠤᠶᠢᠳᠤ ᠲᠠᠯ᠎ᠠ ᠳᠤ ᠨᠢᠭᠡ ᠪᠦᠳᠦᠭᠦᠨ ᠤᠷᠭᠤᠭ᠎ᠠ ᠮᠤᠳᠤ ᠪᠤᠢ᠂ ᠲᠡᠭᠦᠨ ᠢ | ᠲᠤᠬᠤᠢ ᠭᠦᠨ ᠮᠠᠯᠳᠠᠭᠠᠳ ᠪᠤᠯᠭᠠᠯᠠᠪᠠᠯ ᠢᠷᠤᠭᠠᠷ ᠠᠴᠠ ᠨᠢ ᠭᠤᠷᠪᠠᠨ ᠴᠠᠭᠠᠨ ᠮᠦᠭᠦ ᠭᠠᠷᠴᠤ ᠢᠷᠡᠭᠦ ᠪᠠᠶᠢᠬ᠎ᠠ᠂ | ᠲᠡᠭᠦᠨ ᠢ ᠡᠪᠳᠡᠯᠡᠵᠤ ᠪᠠᠯᠪᠠᠯᠠᠬᠤ ᠦᠭᠡᠢ ᠪᠠᠷ ᠪᠤᠭᠤᠭᠠᠳ ᠠᠪ︕ ᠡᠨᠡ ᠬᠤᠳᠳᠤᠭ ᠤᠨ ᠵᠡᠭᠦᠨ ᠡᠮᠤᠨ᠎ᠠ ᠲᠠᠯ᠎ᠠ | ᠳᠤ ᠪᠠᠰᠨ ᠨᠢᠭᠡ ᠪᠦᠳᠦᠭᠦᠨ ᠤᠷᠭᠤᠭ᠎ᠠ ᠮᠤᠳᠤ ᠪᠤᠢ᠂ ᠲᠡᠭᠦᠨ ᠢ ᠮᠦᠨ ᠲᠤᠬᠤᠢ ᠭᠦᠨ ᠮᠠᠯᠳᠠᠭᠠᠳ ᠪᠤᠯᠭᠠᠯᠠᠪᠠᠯ | ᠪᠢᠴᠢᠬᠠᠨ ᠨᠤᠭᠤᠭᠠᠨ ᠴᠢᠯᠠᠭᠤ ᠭᠠᠷᠤᠭᠠᠳ ᠢᠷᠡᠭᠦ ᠶᠤᠮ᠃ ᠲᠡᠭᠦᠨ ᠢ ᠠᠪᠤᠭᠠᠳ ᠨᠠᠳᠠ ᠳᠤ ᠦᠭ︕︾ ᠭᠡᠵᠡᠢ᠃ | ᠲᠡᠭᠡᠭᠡᠳ ᠭᠡᠯᠡᠭᠰᠡᠨ ᠶᠤᠰᠤᠭᠠᠷ ᠨᠢ ᠮᠠᠯᠳᠠᠭᠰᠠᠨ ᠳᠤ ᠦᠨᠡᠭᠡᠷ ᠭᠤᠷᠪᠠᠨ ᠴᠠᠭᠠᠨ ᠮᠦᠭᠦ᠂ ᠪᠢᠴᠢᠬᠠᠨ ᠨᠤᠭᠤᠭᠠᠨ | ᠴᠢᠯᠠᠭᠤ ᠭᠠᠷᠴᠤ ᠢᠷᠡᠵᠡᠢ᠃ ᠭᠤᠷᠪᠠᠨ ᠴᠠᠭᠠᠨ ᠮᠦᠭᠦ ᠶᠢ ᠨᠢ ᠬᠠᠭᠠᠨ ᠤ ᠭᠦᠪᠡᠭᠦᠨ ᠳᠤ ᠡᠳᠤᠷ ᠤᠨ ᠨᠢᠭᠡ | ᠴᠢᠨᠠᠵᠤ ᠤᠤᠭᠤᠯᠭᠠᠭᠰᠠᠨ ᠳᠤ ᠭᠤᠷᠪᠠᠨ ᠡᠳᠤᠷ ᠤᠨ ᠲᠠᠷᠠᠭ᠎ᠠ ᠡᠷᠡᠭᠦᠯ ᠰᠠᠷᠠᠭᠤᠯ ᠪᠤᠯᠤᠭᠰᠠᠨ ᠭᠡᠨ᠎ᠡ᠃ ᠬᠠᠭᠠᠨ | ᠶᠡᠭᠡᠳᠡ ᠪᠠᠶᠠᠷᠯᠠᠨ ᠰᠤᠬᠤᠷ ᠭᠦᠪᠡᠭᠦᠨ ᠢ ᠲᠠᠭᠢᠨ ᠲᠠᠭᠤᠳᠠᠭᠤᠯᠤᠭᠰᠠᠨ ᠳᠤ ᠲᠤᠩᠭᠠᠯᠠᠭ ᠬᠤᠶᠠᠷ ᠬᠠᠷ᠎ᠠ ᠨᠢᠳᠤ ᠲᠠᠢ | ᠭᠦᠪᠡᠭᠦᠨ ᠪᠤᠯᠴᠢᠬᠠᠭᠰᠠᠨ ᠤᠷᠤᠭᠠᠳ ᠢᠷᠡᠵᠡᠢ᠃ ᠬᠠᠭᠠᠨ ᠤᠯᠠᠮ ᠭᠠᠶᠢᠬᠠᠵᠤ᠂ ᠡᠨᠡ ᠭᠦᠪᠡᠭᠦᠨ ᠯᠠᠪᠳᠠᠢ ᠬᠤᠪᠢᠯᠭᠠᠨ | ᠷᠢᠳᠢ ᠰᠢᠳᠢ ᠲᠠᠢ ᠪᠠᠶᠢᠬ᠎ᠠ ᠭᠡᠵᠤ ᠪᠤᠳᠤᠭᠠᠳ᠄ ︽ᠭᠦᠪᠡᠭᠦᠨ ᠢ ᠮᠢᠨᠢ ᠡᠳᠡᠭᠡᠷᠡᠭᠦᠯᠦᠭᠰᠡᠨ ᠪᠤᠯᠬᠤᠷ ᠴᠢ ᠤᠳᠤ ᠮᠢᠨᠤ | ᠬᠠᠵᠠᠭᠤᠳᠠ ᠡᠮᠴᠢ ᠪᠤᠯᠵᠤ ᠰᠠᠭᠤ︕︾ ᠭᠡᠵᠡᠢ᠃ ᠢᠩᠭᠢᠭᠡᠳ ᠡᠨᠡ ᠭᠦᠪᠡᠭᠦᠨ ᠤ ᠠᠯᠳᠠᠷ ᠲᠦᠷᠪᠡᠨ ᠵᠦᠭ | ᠨᠡᠢᠮᠡᠨ ᠵᠤᠪᠭᠢᠰ ᠲᠤ ᠠᠯᠳᠠᠷᠰᠢᠨ ᠬᠤᠯᠨ ᠤᠶᠢᠷ᠎ᠠ ᠶᠢᠨ ᠭᠦᠮᠤᠰ ᠴᠦᠮ ᠡᠪᠡᠳᠴᠢᠨ ᠢᠶᠠᠨ ᠦᠵᠡᠭᠦᠯᠭᠦ ᠪᠠᠷ | ᠢᠷᠡᠳᠡᠭ ᠪᠤᠯᠵᠠᠢ᠃ | ᠲᠡᠭᠡᠵᠤ ᠪᠠᠶᠢᠳᠠᠯ᠎ᠠ ᠨᠢᠭᠡ ᠡᠳᠤᠷ᠂ ᠬᠤᠶᠠᠷ ᠭᠦᠯ ᠨᠢ ᠲᠤᠭᠤᠯᠠᠩ ᠭᠦᠮᠤᠨ ᠡᠨᠡ ᠭᠦᠪᠡᠭᠦᠨ ᠢ | ᠡᠷᠢᠭᠡᠳ ᠢᠷᠡᠵᠤ ᠭᠡᠨ᠎ᠡ᠃ ᠡᠨᠡ ᠭᠦᠮᠤᠨ ᠤ ᠡᠪᠡᠳᠴᠢᠨ ᠢ ᠦᠵᠡᠭᠡᠳ ᠶᠠᠭᠠᠭᠢᠵᠤ ᠡᠮᠨᠡᠪᠡᠴᠤ ᠵᠤᠷ ᠲᠠᠭᠠᠷᠠᠭᠰᠠᠨ | ᠦᠭᠡᠢ ᠪᠤᠯᠬᠤᠷ ᠪᠠᠭ᠋ᠠᠨ ᠰᠡᠵᠢᠭ ᠲᠦᠷᠦᠵᠤ᠄ ︽ᠴᠢᠮ᠎ᠠ ᠳᠤ ᠶᠡᠷᠤ ᠵᠤᠷ ᠲᠠᠭᠠᠷᠠᠬᠤ ᠦᠭᠡᠢ ᠪᠠᠶᠢᠨ᠎ᠠ᠂ ᠴᠢ ᠤᠷᠢᠳᠤ | ᠳᠤ ᠪᠠᠨ ᠶᠠᠮᠠᠷ ᠨᠢᠭᠦᠯ ᠭᠢᠭᠰᠡᠨ ᠪᠤᠢ︖︾ ᠭᠡᠵᠤ ᠠᠰᠠᠭᠤᠭᠰᠠᠨ ᠳᠤ᠄ ︽ᠠ ᠲᠡᠶᠢᠮᠤ᠂ ᠪᠢ ᠤᠷᠢᠳᠤ ᠳᠤ ᠪᠠᠨ | ᠨᠠᠢᠮᠠᠨ ᠨᠠᠰᠤᠳᠠᠢ ᠲᠡᠭᠦᠦ ᠪᠠᠨ ᠲᠠᠭᠠᠭᠤᠯᠵᠤ ᠶᠠᠪᠤᠵᠤ ᠪᠠᠶᠢᠭᠠᠳ ᠬᠤᠶᠠᠷ ᠨᠢᠳᠤ ᠶᠢ ᠨᠢ ᠰᠤᠬᠤᠯᠴᠢᠬᠠᠭᠠᠳ ᠬᠤᠶᠠᠷ | ᠮᠦᠩᠭᠦᠨ ᠵᠤᠭᠤᠰ ᠢᠶᠠᠨ ᠠᠪᠤᠭᠠᠳ ᠲᠤᠳᠠᠭᠠᠭᠰᠠᠨ ᠶᠤᠮ᠃ ᠲᠡᠭᠡᠭᠡᠳ ᠯᠨ ᠬᠤᠵᠢᠮ ᠨᠢ ᠬᠤᠶᠠᠷ ᠭᠦᠯ ᠮᠢᠨᠢ | ᠮᠠᠭᠤᠳᠠᠭᠰᠠᠨ ᠶᠤᠮ︾ ᠭᠡᠵᠡᠢ᠃ ᠡᠭᠦᠨ ᠠᠴᠠ ᠠᠬ᠎ᠠ ᠨᠢ ᠮᠦᠨ ᠭᠡᠳᠡᠭ ᠢ ᠮᠡᠳᠡᠭᠡᠳ᠄ ︽ᠴᠢ ᠤᠳᠤ ᠬᠠᠮᠢᠭ᠎ᠠ | ᠴᠤ ᠶᠠᠪᠤᠯ ᠦᠭᠡᠢ᠂ ᠮᠢᠨᠤ ᠠᠳᠡ ᠰᠠᠭᠤᠵᠤ ᠪᠠᠶᠢᠭᠠᠷᠠᠢ︕︾ ᠭᠡᠳ ᠲᠡᠷᠭᠡᠳᠡ ᠪᠠᠨ ᠰᠠᠭᠤᠯᠭᠠᠵᠠᠢ᠃ | ᠡᠳᠤᠷ ᠬᠤᠨᠤᠭ ᠤᠳᠠᠭᠰᠠᠭᠠᠷ ᠪᠡᠶ᠎ᠡ ᠪᠡᠶ᠎ᠡ ᠳᠤ ᠪᠠᠨ ᠲᠠᠰᠤᠯᠴᠠᠭᠠᠳ ᠢᠷᠡᠭᠦᠯᠡᠷ ᠨᠢᠭᠡᠨ ᠡᠳᠤᠷ | ᠲᠡᠭᠦᠦ ᠨᠢ᠄ ︽ᠲᠠ ᠪᠤᠯ ᠮᠢᠨᠤ ᠲᠦᠷᠦᠭᠰᠡᠨ ᠠᠬ᠎ᠠ ᠮᠦᠨ︾ ᠭᠡᠰᠡᠨ ᠳᠤ ᠠᠬ᠎ᠠ ᠨᠢ ᠶᠡᠭᠡᠳᠡ ᠭᠠᠶᠢᠬᠠᠵᠤ᠄ ︽ᠴᠢ | ᠶᠠᠭᠠᠭᠢᠭᠠᠳ ᠡᠶᠢᠮᠤ ᠰᠠᠶᠢᠬᠠᠨ ᠨᠢᠳᠤᠳᠠᠢ ᠪᠤᠯᠤᠭᠰᠠᠨ ᠪᠤᠢ︖︾ ᠭᠡᠪᠡ᠃ ᠲᠡᠭᠦᠦ ᠨᠢ ᠨᠢᠳᠤ ᠤᠷᠤᠭᠰᠠᠨ ᠪᠠ | ᠲᠡᠭᠷᠢ ᠶᠢᠨ ᠦᠭᠢᠳ ᠶᠢ ᠭᠡᠷᠭᠢᠨ ᠤᠯᠵᠤ ᠰᠤᠨᠤᠰᠤᠭᠰᠠᠨ ᠢᠶᠠᠨ ᠨᠢᠭᠡᠳ ᠨᠢᠭᠡ ᠪᠠᠷ ᠠᠬ᠎ᠠ ᠳᠤ ᠪᠠᠨ ᠭᠡᠯᠡᠵᠡᠢ᠃ | ᠠᠬ᠎ᠠ ᠨᠢ ᠰᠤᠨᠤᠰᠤᠭᠠᠳ ᠠᠳᠠᠭᠠᠷᠬᠠᠬᠤ ᠰᠡᠳᠭᠢᠯ ᠲᠦᠷᠦᠵᠤ᠄ ︽ᠡᠨᠡ ᠮᠠᠭᠤ ᠰᠤᠬᠤᠷ ᠪᠠᠶᠢᠳᠠᠯ᠎ᠠ | ᠨᠢᠳᠤ ᠤᠷᠤᠵᠤ ᠡᠶᠢᠮᠤ ᠨᠡᠷᠡᠳᠡᠢ ᠡᠮᠴᠢ ᠪᠤᠯᠤᠭᠠᠳ ᠰᠠᠭᠤᠵᠤ ᠪᠠᠶᠢᠬᠤ ᠳᠤ ᠪᠢ ᠴᠤ ᠬᠤᠶᠠᠷ ᠭᠦᠯ ᠢᠶᠠᠨ | ᠡᠳᠡᠭᠡᠷᠡᠭᠦᠯᠦᠭᠡᠳ ᠬᠠᠭᠠᠨ ᠤ ᠡᠮᠴᠢ ᠪᠤᠯᠵᠤ ᠵᠢᠷᠭᠠᠶ᠎ᠠ︾ ᠭᠡᠵᠤ ᠪᠤᠳᠤᠭᠠᠳ ᠲᠡᠭᠦᠦ ᠶᠢᠨ ᠢᠶᠠᠨ ᠤᠨᠠᠭᠰᠠᠨ | ᠬᠤᠳᠳᠤᠭ ᠤᠷᠤᠭᠤ ᠤᠷᠤᠭᠠᠳ ᠲᠡᠭᠷᠢ ᠶᠢᠨ ᠦᠭᠢᠨ ᠢ ᠭᠦᠯᠢᠶᠡᠨ ᠰᠠᠭᠤᠵᠠᠢ᠃ | ᠭᠡᠳᠡᠯ᠎ᠠ ᠲᠡᠭᠷᠢ ᠶᠢᠨ ᠦᠭᠢᠳ ᠢᠷᠡᠭᠰᠡᠨ ᠦᠭᠡᠢ᠃ ᠬᠠᠷᠢᠨ ᠠᠶᠢᠯ ᠤᠨ ᠦᠭᠡᠷ ᠬᠠᠷᠢᠭᠤᠯᠳᠠᠭ | ᠭᠡᠦᠭᠡᠳ ᠢᠷᠡᠵᠤ ᠬᠤᠳᠳᠤᠭ ᠲᠤᠳᠤᠷ᠎ᠠ ᠠᠮᠢᠳᠠᠨ ᠪᠠᠶᠢᠬᠤ ᠶᠢ ᠦᠵᠡᠭᠡᠳ᠄ ︽ᠭᠦᠶ᠋ᠢ ᠬᠤᠳᠳᠤᠭ ᠲᠤᠳᠤᠷ᠎ᠠ | ᠴᠢᠳᠭᠦᠷ ᠪᠠᠶᠢᠨ᠎ᠠ︾ ᠭᠡᠮᠡᠨ ᠶᠡᠭᠡ ᠲᠠᠭᠤᠨ ᠢᠶᠠᠷ ᠪᠠᠷᠭᠢᠷᠠᠭᠰᠠᠨ ᠳᠤ ᠤᠶᠢᠷ᠎ᠡ ᠤᠷᠴᠢᠮ ᠤᠨ ᠭᠢᠨᠢ ᠴᠦᠮ ᠲᠠᠭᠤ | ᠠᠪᠤᠯᠴᠠᠨ ᠭᠦᠷᠴᠤ ᠢᠷᠡᠭᠡᠳ ᠭᠦᠮᠤᠨ ᠲᠠᠢ ᠬᠤᠳᠳᠤᠭ ᠲᠠᠢ ᠨᠢ ᠡᠯᠡᠰᠤ ᠰᠢᠷᠤᠢ ᠪᠠᠷ ᠪᠤᠯᠠᠵᠤ ᠬᠠᠶᠠᠪᠠ ᠭᠡᠨ᠎ᠡ᠃ | ᠢᠩᠭᠢᠭᠡᠳ ᠮᠠᠭᠤ ᠰᠠᠨᠠᠭᠠᠳᠤ ᠠᠬ᠎ᠠ ᠨᠢ ᠬᠠᠷ᠎ᠠ ᠠᠮᠢ ᠪᠠᠨ ᠲᠠᠭᠤᠰᠬᠠᠵᠤ᠂ ᠰᠠᠶᠢᠨ ᠰᠠᠨᠠᠭ᠎ᠠ ᠲᠠᠢ | ᠲᠡᠭᠦᠦ ᠨᠢ ᠬᠤᠯᠨ ᠤᠶᠢᠷ᠎ᠠ ᠳᠤ ᠪᠠᠨ ᠠᠯᠳᠠᠷᠳᠠᠢ᠂ ᠬᠤᠳᠠᠯᠨ ᠤᠯᠠᠨ ᠳᠤ ᠪᠠᠨ ᠠᠴᠢᠯᠠᠯ ᠲᠠᠢ ᠮᠡᠷᠭᠡᠨ ᠡᠮᠴᠢ | ᠪᠤᠯᠤᠭᠠᠳ ᠠᠰᠢᠳᠠ ᠵᠢᠷᠭᠠᠨ ᠰᠠᠭᠤᠪᠠ ᠭᠡᠨ᠎ᠡ᠃ | ︵︽ᠮᠤᠩᠭᠤᠯ ᠠᠷᠠᠳ ᠤᠨ ᠲᠤᠮᠤᠭ ᠦᠯᠢᠭᠡᠷ︾ ᠨᠤᠮ ᠠᠴᠠ ᠠᠷᠠᠳᠴᠢ ᠰᠢᠯᠵᠢᠭᠦᠯᠪᠡ︶ |