ᠱᠠᠭ᠎ᠠ ᠨᠠᠭᠠᠳᠤᠮ ᠪᠣᠯ ᠮᠣᠩᠭᠤᠯᠴᠤᠳ ᠤᠨ ᠡᠷᠲᠡ ᠳᠡᠭᠡᠳᠦ ᠦᠶ᠎ᠡ ᠠᠴᠠ ᠪᠠᠨ ᠥᠪᠯᠡᠵᠦ ᠢᠷᠡᠭᠰᠡᠨ | ᠵᠤᠭ᠎ᠠ ᠴᠡᠩᠭᠡᠯ᠂ ᠲᠠᠮᠢᠷ ᠤᠷᠠᠯᠢᠭ ᠬᠤᠣᠰᠯᠠᠭᠰᠠᠨ ᠦᠨᠳᠦᠰᠦᠲᠠᠨ ᠤ ᠥᠪᠡᠷᠮᠢᠴᠠ ᠣᠨᠴᠠᠯᠢᠭ ᠲᠠᠢ᠂ ᠲᠡᠦᠬᠡᠲᠦ | ᠦᠨ᠎ᠡ ᠥᠷᠲᠡᠭ ᠲᠠᠢ ᠰᠣᠳᠣᠨ ᠭᠠᠶᠢᠬᠠᠮᠰᠢᠭ ᠥᠪ ᠰᠣᠶᠣᠯ ᠶᠤᠮ᠃ ᠱᠠᠭ᠎ᠠ ᠨᠠᠭᠠᠳᠤᠮ ᠨᠢ ᠠᠶᠢᠯ ᠠᠶᠢᠮᠠᠭ ᠤᠨ | ᠬᠠᠷᠢᠯᠴᠠᠭ᠎ᠠ ᠶᠠᠪᠤᠯᠴᠠᠭ᠎ᠠ ᠡᠪ ᠨᠠᠶᠢᠷ ᠢ ᠵᠤᠵᠠᠭᠠᠳᠬᠠᠵᠤ ᠠᠬ᠎ᠠ ᠳᠡᠭᠦᠦ ᠠᠨᠳᠠ ᠨᠠᠶᠢᠵᠠ ᠶᠢᠨ ᠤᠷᠮ᠎ᠠ ᠪᠠᠬ᠎ᠠ ᠶᠢ | ᠰᠡᠷᠭᠦᠭᠡᠵᠦ᠂ ᠤᠬᠠᠭᠠᠨ ᠰᠠᠨᠠᠭ᠎ᠠ ᠶᠢ ᠰᠠᠷᠠᠭᠤᠯᠵᠢᠭᠤᠯᠵᠤ᠂ ᠤᠷᠠᠨ ᠰᠡᠳᠬᠢᠮᠵᠢ ᠶᠢ ᠬᠥᠭᠵᠢᠭᠡᠳᠡᠭ᠂ ᠨᠠᠰᠤᠲᠠᠨ | ᠨᠢᠯᠬ᠎ᠠ ᠢᠯᠭᠠᠯ ᠦᠭᠡᠢ ᠨᠠᠭᠠᠳᠳᠠᠭ ᠠᠮᠢᠳᠤᠷᠠᠯ ᠳᠤ ᠬᠢᠵᠠᠭᠠᠯᠠᠰᠢ ᠦᠭᠡᠢ ᠬᠠᠪᠤ ᠴᠡᠩᠭᠡᠯ ᠢ ᠣᠯᠭᠤᠳᠠᠭ ᠣᠯᠠᠨ | ᠲᠦᠮᠡᠨᠴᠢ ᠲᠠᠮᠢᠷ ᠤᠷᠠᠯᠢᠭ ᠤᠨ ᠲᠣᠭᠯᠠᠭᠠᠮ ᠶᠤᠮ᠃ ᠪᠡᠶᠢᠰᠡ ᠶᠢᠨ ᠰᠥᠮ᠎ᠡ ᠪᠣᠯ ᠤᠤᠯ ᠤᠨ ᠠᠪᠠᠭᠠᠨᠠᠷ | ᠬᠤᠰᠢᠭᠤᠨ ᠤ ᠤᠯᠤᠰ ᠲᠥᠷᠥ᠂ ᠠᠵᠤ ᠠᠬᠤᠢ᠂ ᠰᠣᠶᠣᠯ ᠰᠤᠷᠭᠠᠨ ᠬᠦᠮᠦᠵᠢᠯ᠂ ᠲᠠᠮᠢᠷ ᠤᠷᠠᠯᠢᠭ ᠤᠨ ᠲᠥᠪ | ᠪᠠᠶᠢᠭᠰᠠᠨ ᠪᠣᠯᠬᠤᠷ ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠱᠠᠭ᠎ᠠ ᠨᠢᠰᠠᠯᠬᠤ ᠶᠣᠰᠤ ᠭᠤᠷᠢᠮ ᠨᠢ ᠴᠦ ᠤᠤᠯ | ᠤᠨ ᠠᠪᠠᠭᠠᠨᠠᠷ ᠬᠤᠰᠢᠭᠤᠨ ᠤ ᠣᠳᠣ ᠶᠢᠨ ᠰᠢᠯᠢᠩᠬᠤᠲᠠ ᠶᠢᠨ ᠱᠠᠭ᠎ᠠ ᠨᠢᠰᠠᠯᠭ᠎ᠠ ᠶᠢᠨ ᠭᠤᠣᠯ ᠴᠢᠮᠦᠭᠡ ᠪᠣᠯᠬᠤ | ᠶᠣᠰᠣᠲᠠᠢ ᠮᠥᠷᠲᠡᠭᠡᠨ ᠮᠥᠨᠴᠤ ᠣᠳᠣ ᠶᠢᠨ ᠰᠢᠯᠢ ᠶᠢᠨ ᠭᠤᠣᠯ ᠠᠶᠢᠮᠠᠭ ᠤᠨ ᠱᠠᠭ᠎ᠠ ᠨᠢᠰᠠᠯᠭ᠎ᠠ ᠶᠢᠨ ᠲᠥᠪ ᠣᠷᠣᠨ | ᠪᠣᠯᠬᠤ ᠶᠣᠰᠣᠲᠠᠢ᠃ ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠳᠣᠲᠤᠷ᠎ᠠ ᠱᠠᠭ᠎ᠠ ᠰᠠᠶᠢᠨ ᠨᠢᠰᠠᠯᠳᠠᠭ ᠮᠠᠮᠠ ᠨᠠᠷ | ᠣᠯᠠᠨ ᠪᠠᠶᠢᠯ᠎ᠠ ᠭᠡᠵᠤ ᠨᠠᠰᠤᠲᠠᠶᠢᠴᠤᠤᠯ ᠬᠠᠭᠤᠴᠢᠯᠠᠵᠤ ᠪᠠᠶᠢᠨ᠎ᠠ᠂ ᠣᠳᠣ ᠶᠢᠨ ᠰᠢᠯᠢᠨᠬᠤᠲᠠ ᠶᠢᠨ ᠪᠣᠯᠭᠠᠨ ᠰᠤᠮᠤᠨ ᠤ | ᠰᠢᠷᠠᠲᠠᠯ᠎ᠠ ᠭᠠᠴᠠᠭᠠᠨ ᠤ ᠨᠠᠶᠠᠨ ᠭᠡᠳᠤᠲᠠᠢ ᠵᠢᠪᠵᠢᠮ᠎ᠠ ᠡᠵᠢ ᠶᠠᠷᠢᠬᠤ ᠳᠠᠭᠠᠨ᠄ ︿︿ᠴᠣᠶᠢᠷᠠᠪ᠂ ᠨᠢᠩᠵᠢᠳ᠂ | ᠵᠠᠮᠢᠶᠠᠨᠵᠢᠮᠪᠢ ᠨᠠᠷ ᠪᠣᠯ ᠵᠢᠷᠠᠨ ᠱᠠᠭ᠎ᠠ ᠶᠢ ᠨᠢᠭᠡ ᠡᠭᠡᠯᠵᠢᠨ ᠳᠤ ᠬᠠᠷᠪᠤᠭᠠᠳ ᠪᠠᠷᠠᠴᠢᠬᠠᠳᠠᠭ ᠰᠠᠶᠢᠨ ᠬᠠᠷᠪᠤᠭᠠᠴᠢ | ᠪᠠᠶᠢᠭᠰᠠᠨ﹀﹀ ᠭᠡᠵᠤ ᠬᠠᠭᠤᠴᠢᠯᠠᠵᠤ ᠪᠠᠶᠢᠯ᠎ᠠ᠃ ᠬᠠᠷᠠᠮᠰᠠᠯᠲᠠᠢ ᠨᠢ ᠲᠡᠳᠡᠭᠡᠷ ᠰᠣᠳᠣ ᠬᠦᠮᠦᠰ ᠤᠨ ᠢᠶᠠᠨ ᠨᠢᠰᠠᠯᠬᠤ | ᠠᠷᠭ᠎ᠠ ᠮᠡᠷᠭᠡᠵᠢᠯ᠂ ᠤᠬᠠᠭᠠᠨ ᠰᠠᠮᠪᠠᠭ᠎ᠠ ᠶᠢ ᠨᠢ ᠰᠤᠷᠴᠦ ᠡᠵᠡᠮᠰᠢᠵᠤ ᠠᠪᠤᠭᠰᠠᠨ ᠬᠦᠮᠦᠨ ᠲᠤᠩ ᠴᠥᠬᠡᠨ ᠪᠠᠶᠢᠵᠠᠢ᠃ | ᠨᠡᠩ ᠴᠦ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠳᠤ ᠲᠡᠤᠬᠡ ᠶᠢᠨ ᠣᠯᠠᠨ ᠵᠦᠢᠯ ᠤᠨ ᠰᠢᠯᠲᠠᠭᠠᠨ ᠠᠴᠠ ᠪᠣᠯᠵᠤ | ᠰᠠᠭ᠎ᠠ ᠲᠣᠭᠯᠠᠭᠠᠮ ᠨᠠᠭᠠᠳᠳᠠᠭ ᠬᠦᠮᠦᠨ ᠲᠤᠩ ᠴᠥᠬᠡᠷᠡᠭᠰᠡᠨ ᠪᠠᠶᠢᠯ᠎ᠠ᠃ ᠳᠡᠭᠡᠷ᠎ᠡ ᠵᠠᠭᠤᠨ ᠤ ᠨᠠᠶᠠ ᠶᠡᠷᠡᠭᠡᠳ ᠣᠨ | ᠭᠡᠬᠦ ᠳᠤ ᠬᠠᠷᠢᠨ ᠨᠡᠯᠢᠶᠡᠳ ᠨᠠᠭᠠᠳᠬᠤ ᠪᠠᠶᠢᠳᠠᠯ ᠲᠠᠢ ᠪᠣᠯᠣᠭᠰᠠᠨ ᠪᠠᠶᠢᠨ᠎ᠠ᠃ ᠱᠠᠭ᠎ᠠ ᠲᠣᠭᠯᠠᠭᠠᠮ ᠳᠤ ᠣᠯᠠᠨ ᠵᠦᠢᠯ | ᠪᠠᠶᠢᠳᠠᠭ ᠮᠥᠷᠲᠡᠭᠡᠨ ᠭᠠᠵᠠᠷ ᠭᠠᠵᠠᠷ ᠤᠨ ᠨᠠᠭᠠᠳᠬᠤ ᠠᠷᠭ᠎ᠠ ᠬᠡᠯᠪᠡᠷᠢ ᠠᠰ ᠠᠰᠳᠠᠭᠠᠨ᠂ ᠲᠥᠷᠥᠯ ᠵᠦᠢᠯ ᠴᠦ | ᠣᠨᠳᠣᠣ ᠣᠨᠳᠣᠣ ᠪᠠᠶᠢᠳᠠᠭ ᠪᠠᠶᠢᠨ᠎ᠠ᠃ ᠰᠢᠯᠢ ᠶᠢᠨ ᠬᠤᠲᠠ ᠳᠤ ᠰᠢᠬ᠎ᠠ ᠬᠠᠷᠪᠤᠬᠤ᠂ ᠱᠠᠭ᠎ᠠ ᠨᠢᠰᠠᠯᠬᠤ᠂ ᠳᠣᠯᠣᠭᠠᠨ | ᠳᠤᠭᠤᠢ ᠨᠠᠭᠠᠳᠬᠤ᠂ ᠱᠠᠭ᠎ᠠ ᠲᠠᠭᠠᠯᠴᠠᠬᠤ᠂ ᠮᠥᠩᠬᠦᠵᠢᠬᠦ①᠂ ᠮᠣᠷᠢ ᠤᠷᠤᠯᠳᠤᠬᠤ᠂ ᠰᠢᠨ᠎ᠡ ᠵᠢᠯ ᠰᠢᠨ᠎ᠡ ᠶᠢᠨ | ᠨᠢᠭᠡᠨ ᠳᠤ ᠠᠷᠪᠠᠨ ᠭᠤᠷᠪᠠᠨ ᠮᠣᠷᠢ ᠱᠠᠭ᠎ᠠ ᠪᠠᠷ ᠬᠡᠶᠢᠮᠣᠷᠢ ᠰᠢᠨᠵᠢᠬᠦ ᠵᠡᠷᠭᠡ ᠨᠠᠭᠠᠳᠤᠮ ᠢ ᠢᠯᠡᠭᠦᠦ ᠰᠢᠭ ᠨᠠᠭᠠᠳᠳᠠᠭ | ᠪᠠᠶᠢᠨ᠎ᠠ᠃ ᠨᠠᠰᠤᠲᠠᠶᠢᠴᠤᠳ ᠤᠨ ᠬᠠᠭᠤᠴᠢᠯᠠᠬᠤ ᠪᠠᠷ ᠳᠡᠭᠡᠷ᠎ᠡ ᠵᠠᠭᠤᠨ ᠤ ᠳᠥᠴᠢ ᠲᠠᠪᠢᠭᠠᠳ ᠣᠨ ᠳᠤ ᠣᠨᠣᠳᠠᠭ ᠢ | ︵ᠵᠠᠷᠢᠮ ᠭᠠᠵᠠᠷ ᠪᠠᠰᠠ ᠰᠡᠮᠪᠡᠭ ᠭᠡᠳᠡᠭ︶ ᠪᠠᠰᠠ ᠨᠠᠭᠠᠳᠴᠤ ᠪᠠᠶᠢᠵᠡᠢ᠃ ᠱᠠᠭ᠎ᠠ ᠨᠢᠰᠠᠯᠬᠤ ᠪᠣᠯ ᠱᠠᠭ᠎ᠠ | ᠲᠣᠭᠯᠠᠭᠠᠮ ᠤᠨ ᠨᠠᠭᠠᠳᠤᠮ ᠤᠨ ᠳᠤᠮᠳᠠᠬᠢ ᠨᠢᠭᠡ ᠬᠢᠯᠠᠰ ᠴᠢᠭ ᠪᠠᠶᠢᠬᠤ ᠶᠣᠰᠣᠲᠠᠢ᠃ ᠤᠴᠢᠷ ᠨᠢ ᠱᠠᠭ᠎ᠠ | ᠨᠢᠰᠠᠯᠬᠤ ᠳᠤ ᠤᠬᠠᠭᠠᠨ ᠰᠠᠮᠪᠠᠭ᠎ᠠ᠂ ᠤᠷᠠᠨ ᠬᠠᠷᠪᠤᠯᠭ᠎ᠠ ᠠᠴᠠ ᠭᠠᠳᠠᠨ᠎ᠠ ᠱᠠᠭ᠎ᠠ ᠣᠷᠬᠢᠬᠤ ᠭᠠᠷ ᠤᠨ ᠳᠡᠮ ᠪᠠᠰᠠ | ᠶᠡᠭᠡ ᠪᠠᠷ ᠱᠠᠭᠠᠷᠳᠠᠭᠳᠠᠨ᠎ᠠ᠃ ᠰᠢᠯᠢ ᠶᠢᠨ ᠭᠤᠣᠯ ᠠᠶᠢᠮᠠᠭ ᠤᠨ ᠤᠤᠯ ᠤᠨ ᠠᠪᠠᠭᠠᠨᠠᠷ ᠬᠤᠰᠢᠭᠤ ᠪᠤᠯᠤᠨ᠋ | ᠪᠡᠶᠢᠰᠡ ᠶᠢᠨ ᠰᠥᠮ᠎ᠡ ᠶᠢᠨ ᠮᠠᠮᠠ ᠨᠠᠷ ᠤᠨ ᠱᠠᠭ᠎ᠠ ᠨᠢᠰᠠᠯᠬᠤ ᠶᠣᠰᠣ ᠭᠤᠷᠢᠮ᠂ ᠳᠥᠷᠢᠮ ᠲᠣᠭᠲᠠᠭᠠᠯ ᠲᠤᠩ ᠴᠢᠩᠭ᠎ᠠ | ᠂ ᠰᠣᠨᠢᠨ ᠰᠡᠪᠡᠭᠦᠨ ᠪᠠᠶᠢᠳᠠᠭ ᠪᠣᠯᠬᠤᠷ ᠠᠳᠡ ᠪᠢ ᠡᠳᠡᠭᠡᠷ ᠢ ᠨᠠᠷᠢᠨ ᠨᠢᠮᠪᠠᠢ ᠰᠡᠶᠢᠷᠡᠭᠦᠯᠵᠦ᠂ ᠲᠠ ᠪᠦᠬᠦᠨ ᠳᠤ | ᠲᠣᠯᠢᠯᠠᠭᠤᠯᠬᠤ ᠳᠤ ᠤᠷᠮ᠎ᠠ ᠲᠠᠢ ᠪᠠᠶᠢᠨ᠎ᠠ᠃ | ᠭᠥᠯᠢᠮ ᠳᠡᠭᠡᠷ᠎ᠡ ᠱᠠᠭ᠎ᠠ ᠨᠢᠰᠠᠯᠬᠤ ᠶᠣᠰᠤ ᠭᠤᠷᠢᠮ | ᠭᠥᠯᠢᠮ ᠳᠡᠭᠡᠷ᠎ᠡ ᠨᠠᠭᠠᠳᠬᠤ ᠶᠢᠨ ᠤᠴᠢᠷ᠃ ᠪᠡᠶᠢᠰᠡ ᠶᠢᠨ ᠰᠥᠮ᠎ᠡ ᠶᠢᠨ ᠮᠠᠮᠠ ᠨᠠᠷ ᠱᠠᠭ᠎ᠠ ᠶᠢ ᠭᠥᠯᠢᠮ | ᠳᠡᠭᠡᠷ᠎ᠡ ᠨᠢᠰᠠᠯᠵᠤ ᠨᠠᠭᠠᠳᠳᠠᠭ ᠤᠯᠠᠮᠵᠢᠯᠠᠯ ᠲᠠᠢ᠃ ᠡᠭᠦᠨ ᠳᠤ ᠬᠠᠮᠤᠭ ᠤᠨ ᠲᠡᠷᠢᠭᠦᠨ ᠳᠤ ᠵᠠᠪᠠᠯ ᠲᠡᠭᠰᠢ | ᠲᠥᠷᠪᠡᠯᠵᠢᠨ ᠭᠥᠯᠢᠮ ᠪᠠᠶᠢᠬᠤ ᠬᠡᠷᠡᠭᠲᠡᠢ᠃ ᠡᠨᠡ ᠭᠥᠯᠢᠮ ᠨᠢ ᠵᠠᠪᠠᠯ ᠴᠢᠨᠠᠷᠯᠢᠭ ᠪᠤᠯᠢᠭᠠᠷᠢ ᠭᠥᠯᠢᠮ ᠮᠥᠷᠲᠡᠭᠡᠨ | ᠭᠥᠯᠢᠭᠡᠷ᠂ ᠨᠠᠷᠢᠯᠢᠭ᠂ ᠲᠠᠯ᠎ᠠ ᠶᠢᠨ ᠤᠷᠲᠤ ᠨᠢ ᠳᠥᠴᠢᠨ ᠰᠡᠨᠲ᠋ᠢᠮᠧᠲᠷ ᠣᠷᠴᠢᠮ ᠤᠨ ᠲᠡᠭᠰᠢ ᠳᠥᠷᠪᠡᠯᠵᠢᠨ ᠭᠥᠯᠢᠮ | ᠪᠠᠶᠢᠪᠠᠯ ᠬᠠᠮᠤᠭ ᠤᠨ ᠵᠣᠬᠢᠮᠵᠢᠲᠠᠢ᠃ ᠭᠥᠯᠢᠮ ᠨᠢ ᠤᠶᠠᠨ ᠵᠥᠭᠡᠯᠡᠨ ᠮᠥᠷᠲᠡᠭᠡᠨ ᠭᠤᠯᠭᠤᠯᠲᠠ ᠶᠢᠨ ᠬᠦᠴᠦ ᠲᠡᠶᠢᠮᠦ | ᠶᠡᠭᠡ ᠪᠢᠰᠢ ᠱᠠᠭ᠎ᠠ ᠣᠷᠬᠢᠬᠤ ᠳᠤ ᠵᠦᠭ ᠦᠭᠡᠢ ᠲᠦᠷᠭᠡᠨ ᠪᠤᠲᠠᠷᠠᠵᠦ ᠶᠠᠪᠤᠬᠤ ᠦᠬᠡᠢ᠂ ᠡᠪ ᠲᠠᠢ ᠳᠡᠮ ᠲᠠᠢ | ᠤᠷᠬᠢᠪᠠᠯ ᠬᠥᠨᠳᠡᠭᠡ ᠪᠠᠭᠤᠬᠤ ᠦᠬᠡᠢ ᠵᠡᠷᠭᠡ ᠰᠠᠶᠢᠨ ᠲᠠᠯ᠎ᠠ ᠲᠠᠢ ᠪᠠᠶᠢᠳᠠᠭ᠃ ᠢᠢᠮᠦ ᠭᠥᠯᠢᠮ ᠳᠡᠭᠡᠷ᠎ᠡ ᠵᠢᠷᠠᠨ ᠱᠠᠭ᠎ᠠ | ᠣᠷᠬᠢᠭᠠᠳ ᠬᠠᠮᠤᠭ ᠠᠷᠪᠢᠨ ᠳᠤ ᠪᠠᠨ ᠵᠢᠷᠭᠤᠭᠠᠨ ᠱᠠᠭ᠎ᠠ ᠯᠡ ᠭᠦᠯᠢᠮ ᠤᠨ ᠭᠠᠳᠠᠨ᠎ᠠ ᠤᠨᠠᠬᠤ ᠶᠢ ᠵᠥᠪᠰᠢᠶᠡᠷᠡᠳᠡᠭ | ᠮᠥᠷᠳᠡᠭᠡᠨ ᠬᠥᠨᠳᠡᠭᠡ ᠲᠠᠢ ᠣᠷᠬᠢᠬᠤ ᠶᠢ ᠵᠥᠪᠰᠢᠶᠡᠷᠡᠳᠡᠭ ᠦᠭᠡᠢ᠃ | ᠭᠦᠯᠢᠮ ᠳᠡᠭᠡᠷ᠎ᠡ ᠱᠠᠭ᠎ᠠ ᠣᠷᠬᠢᠬᠤ ᠳᠤ ᠱᠠᠭ᠎ᠠ ᠣᠷᠬᠢᠬᠤ ᠬᠦᠮᠥᠨ ᠤ ᠭᠠᠷ ᠤᠨ ᠳᠡᠮ ᠨᠢᠳᠥᠨ ᠬᠠᠷᠠᠴᠠ᠂ | ᠠᠷᠭ᠎ᠠ ᠤᠬᠠᠭᠠᠨ᠂ ᠵᠣᠷᠢᠭ ᠲᠡᠪᠴᠢᠶᠡᠷᠢ ᠭᠦᠢᠴᠡᠳ ᠲᠦᠪᠯᠡᠷᠡᠭᠦᠯᠬᠦ ᠦᠭᠡᠢ ᠪᠣᠯ ᠵᠢᠷᠭᠤᠭ᠎ᠠ ᠠᠴᠠ ᠢᠯᠡᠭᠦᠥ ᠱᠠᠭ᠎ᠠ | ᠭᠦᠯᠢᠮ ᠤᠨ ᠭᠠᠳᠠᠨ᠎ᠠ ᠤᠨᠠᠴᠢᠬᠠᠵᠤ ᠮᠡᠳᠡᠨ᠎ᠠ᠂ ᠡᠰᠡᠭᠦᠯ᠎ᠡ ᠬᠥᠨᠳᠡᠭᠡ ᠲᠠᠢ ᠣᠷᠬᠢᠴᠢᠬᠠᠵᠦ ᠮᠡᠳᠡᠨ᠎ᠡ᠂ ᠬᠥᠨᠳᠡᠭᠡ | ᠦᠭᠡᠢ ᠮᠥᠷᠲᠡᠭᠡᠨ ᠭᠥᠯᠢᠮ ᠤᠨ ᠭᠠᠳᠠᠨ᠎ᠠ ᠵᠢᠷᠭᠤᠭ᠎ᠠ ᠠᠴᠠ ᠢᠯᠡᠭᠦᠥ ᠱᠠᠭ᠎ᠠ ᠤᠨᠠᠭᠠᠬᠤ ᠦᠭᠡᠢ ᠪᠠᠶᠢᠳᠠᠯ ᠤᠨ | ᠳᠣᠣᠷ᠎ᠠ ᠰᠠᠶ᠋ᠢ ᠱᠠᠭ᠎ᠠ ᠣᠷᠭᠢᠭᠰᠠᠨ ᠬᠦᠮᠦᠨ ᠣᠷᠬᠢᠭᠰᠠᠨ ᠱᠠᠭ᠎ᠠ ᠪᠠᠨ ᠨᠢᠰᠠᠯᠵᠦ ᠪᠣᠯᠣᠨ᠎ᠠ᠃ ᠭᠥᠯᠢᠮ ᠢ | ᠬᠠᠳᠠᠭᠠᠯᠠᠵᠤ ᠬᠠᠮᠠᠭᠠᠯᠠᠬᠤ ᠠᠷᠭ᠎ᠠ᠃ ᠱᠠᠭ᠎ᠠ ᠨᠢᠰᠠᠯᠬᠤ ᠳᠤ ᠭᠦᠯᠢᠮ ᠨᠢ ᠲᠤᠲᠠᠭᠲᠠᠵᠤ ᠪᠣᠯᠣᠰᠢ ᠦᠭᠡᠢ ᠴᠢᠬᠤᠯᠠ | ᠪᠠᠭᠠᠵᠢ ᠨᠢ ᠪᠣᠯᠬᠤ ᠶᠣᠰᠣᠲᠠᠢ᠃ ᠬᠥᠯᠢᠮ ᠢ ᠠᠷᠠᠴᠢᠯᠠᠵᠤ ᠳᠣᠳᠣᠮᠳᠠᠬᠤ ᠳᠤ ᠠᠷᠪᠢᠨ ᠠᠷᠭ᠎ᠠ ᠪᠠᠶᠢᠳᠠᠭ᠃ | ᠶᠠᠭᠤᠨ ᠤ ᠡᠮᠦᠨ᠎ᠡ ᠭᠦᠯᠢᠮ ᠢ ᠬᠠᠯᠠᠭᠤᠨ ᠨᠠᠷᠠᠨ ᠳᠤ ᠬᠠᠭᠰᠠᠭᠠᠵᠤ ᠬᠠᠲᠠᠭᠠᠵᠤ ᠪᠣᠯᠬᠤ ᠦᠭᠡᠢ ᠮᠥᠷᠲᠡᠭᠡᠨ ᠴᠢᠬᠢᠭ | ᠨᠣᠶᠢᠲᠠᠨ ᠭᠠᠵᠠᠷ ᠤᠳᠠᠭᠠᠨ ᠬᠠᠶᠠᠵᠤ ᠴᠢᠬᠢᠭᠳᠡᠵᠦ ᠬᠤᠷᠣᠬᠠᠶᠢᠳᠠᠬᠤ ᠠᠴᠠ ᠰᠡᠷᠭᠡᠶᠢᠯᠡᠬᠦ ᠬᠡᠷᠡᠭᠲᠡᠢ᠃ ᠬᠥᠯᠢᠮ ᠢ | ᠭᠥᠯᠢᠭᠡᠷ ᠨᠠᠷᠢᠯᠢᠭ ᠪᠠᠶᠢᠯᠭᠠᠬᠤ ᠳᠤ ᠭᠥᠯᠢᠮ ᠨᠤᠭᠤᠰᠤᠯᠠᠬᠤ ᠭᠡᠵᠤ ᠨᠢᠭᠡ ᠨᠠᠷᠢᠨ ᠠᠵᠢᠯ ᠪᠠᠶᠢᠳᠠᠭ᠃ ᠭᠥᠯᠢᠮ | ᠨᠤᠭᠤᠰᠤᠯᠠᠬᠤ ᠭᠡᠳᠡᠭ ᠨᠢ ᠰᠠᠶ᠋ᠢ ᠨᠢᠲᠤᠯᠠᠭᠰᠠᠨ ᠬᠤᠨᠢᠨ ᠤ ᠨᠢᠷᠤᠭᠤᠨ ᠤ ᠨᠤᠭᠤᠰᠤ ᠶᠢ ︵ᠲᠦᠭᠦᠬᠡᠢ ᠦᠶ᠎ᠡ ᠳᠤ ᠨᠢ︶ | ᠬᠠᠯᠢᠰᠤᠨ ᠠᠴᠠ ᠨᠢ ᠰᠢᠬᠠᠵᠤ ᠭᠠᠷᠭᠠᠨ᠂ ᠨᠤᠭᠤᠰᠤᠨ ᠤ ᠨᠠᠷᠢᠨ ᠰᠢᠷᠬᠡᠭ ᠢ ᠨᠢ ᠵᠡᠭᠦᠦ ᠪᠠᠷ ᠰᠡᠨᠳᠡᠶᠢᠯᠡᠨ ᠠᠪᠴᠤ | ᠬᠠᠶᠠᠭᠠᠳ ᠨᠤᠭᠤᠰᠤ ᠪᠠᠨ ᠬᠥᠯᠢᠮ ᠳᠡᠭᠡᠷ᠎ᠡ ᠪᠠᠨ ᠳᠦᠷᠬᠢᠵᠤ ᠵᠥᠭᠡᠯᠡᠨ ᠱᠤᠸᠠᠰᠠ ᠪᠠᠷ ᠵᠢᠭᠳᠡ ᠱᠤᠸᠠᠰᠠᠳᠠᠵᠤ ᠨᠠᠷᠠ | ᠰᠢᠭᠤᠳ ᠲᠤᠰᠬᠤ ᠦᠭᠡᠢ ᠰᠡᠷᠢᠭᠦᠨ ᠭᠠᠵᠠᠷ ᠲᠡᠭᠰᠢᠬᠡᠨ ᠲᠠᠯᠪᠢᠵᠤ᠂ ᠬᠠᠲᠠᠭᠰᠠᠨ ᠤ ᠳᠠᠷᠠᠭ᠎ᠠ ᠵᠥᠭᠡᠯᠡᠨ ᠪᠥᠰ ᠢᠶᠠᠷ | ᠲᠠᠬᠢᠨ ᠲᠠᠬᠢᠨ ᠵᠦᠯᠭᠦᠵᠦ ᠭᠥᠯᠢᠭᠡᠷ ᠭᠢᠯᠠᠭᠠᠷ ᠪᠣᠯᠭᠠᠬᠤ ᠶᠢ ᠬᠡᠯᠡᠨ᠎ᠡ᠃ | ᠭᠥᠯᠢᠮ ᠳᠡᠭᠡᠷ᠎ᠡ ᠱᠠᠭ᠎ᠠ ᠨᠢᠰᠠᠯᠬᠤ ᠶᠣᠰᠤ ᠭᠤᠷᠢᠮ᠃ ᠡᠬᠢᠯᠡᠵᠦ ᠨᠠᠭᠠᠳᠬᠤ ᠳᠠᠭᠠᠨ ᠬᠤᠶᠠᠷ ᠬᠦᠮᠦᠨ ᠤ | ᠬᠡᠨ ᠨᠢ ᠤᠷᠢᠳᠠᠪᠠᠷ ᠱᠠᠭ᠎ᠠ ᠨᠢᠰᠠᠯᠬᠤ ᠡᠷᠬᠡ ᠶᠢ ᠣᠯᠬᠤ ᠪᠠᠨ ᠪᠠᠰᠠ ᠨᠠᠷᠢᠨ ᠲᠤᠳᠣᠷᠬᠠᠢ ᠳᠣᠭᠲᠠᠭᠠᠭᠰᠠᠨ ᠪᠠᠶᠢᠳᠠᠭ᠃ | ᠡᠭᠦᠨ ᠳᠤ ᠱᠠᠭ᠎ᠠ ᠨᠠᠭᠠᠳᠬᠤ ᠬᠤᠶᠠᠷ ᠬᠦᠮᠦᠨ ᠲᠤᠰ ᠲᠣᠰ ᠬᠤᠶᠠᠷ ᠱᠠᠭ᠎ᠠ ᠠᠳᠬᠤᠵᠦ᠂ ᠨᠠᠰᠤᠨ ᠤ | ᠠᠬᠠᠮᠠᠳ ᠠᠴᠠ ᠨᠢ ᠡᠬᠢᠯᠡᠵᠦ ᠪᠥᠩᠵᠢᠭ ②ᠤᠷᠬᠢᠵᠦ᠂ ᠤᠷᠢᠳᠠᠪᠡᠷ ᠢᠵᠢᠯ ᠪᠤᠰᠬᠠᠭᠰᠠᠨ ᠡᠲᠡᠭᠡᠳ ᠨᠢ ᠵᠢᠷᠠᠨ | ᠱᠠᠭ᠎ᠠ ᠶᠢ ᠡᠬᠢᠯᠡᠵᠦ ᠣᠷᠬᠢᠵᠦ ᠨᠢᠰᠠᠯᠬᠤ ᠡᠷᠬᠡ ᠶᠢ ᠣᠯᠣᠨ᠎ᠠ᠃ ᠢᠩᠭᠢᠭᠡᠳ ᠰᠠᠶ᠋ᠢ ᠡᠬᠢᠯᠡᠵᠤ ᠨᠠᠭᠠᠳᠬᠤ ᠡᠷᠬᠡ | ᠣᠯᠣᠭᠰᠠᠨ ᠡᠲᠡᠭᠡᠳ ᠨᠢ ᠱᠠᠭ᠎ᠠ ᠪᠠᠨ ᠭᠥᠯᠢᠮ ᠳᠡᠭᠡᠷ᠎ᠡ ᠣᠷᠬᠢᠨ᠎ᠠ᠃ ᠱᠠᠭ᠎ᠠ ᠨᠢᠰᠠᠯᠬᠤ ᠤᠯᠠᠮᠵᠢᠯᠠᠯᠲᠤ ᠶᠤᠰᠤ | ᠭᠤᠷᠢᠮ ᠳᠤ ᠠᠷᠪᠠᠭᠠᠳ ᠵᠦᠢᠯ ᠪᠠᠶᠢᠳᠠᠭ᠃ ᠠᠳᠡ ᠪᠢ ᠵᠥᠪᠬᠡᠨ ᠵᠢᠷᠠᠨ ᠱᠠᠭ᠎ᠠ ᠨᠢᠰᠠᠯᠬᠤ ᠳᠥᠷᠢᠮ ᠢ | ᠲᠠᠨᠢᠯᠴᠠᠭᠤᠯᠤᠶ᠎ᠡ᠃ ᠨᠢᠰᠠᠯᠬᠤ ᠱᠠᠭ᠎ᠠ ᠶᠢᠨ ᠲᠣᠭᠠᠨ ᠤ ᠬᠤᠪᠢᠷᠠᠯᠲᠠ ᠠᠴᠠ ᠪᠣᠯᠵᠤ ᠳᠥᠷᠢᠮ ᠨᠢ ᠪᠠᠰᠠ ᠵᠠᠷᠢᠮ | ᠬᠤᠪᠢᠷᠠᠯᠲᠠ ᠭᠠᠷᠤᠨ᠎ᠠ᠃ | ᠵᠢᠱᠢᠶᠡᠯᠡᠪᠡᠯ᠄ ᠵᠢᠷᠠ ᠠᠴᠠ ᠵᠢᠷᠭᠤᠭ᠎ᠠ᠂ ᠭᠤᠴᠢ ᠠᠴᠠ ᠭᠤᠷᠪᠠ ᠭᠡᠵᠤ ᠶᠠᠷᠢᠳᠠᠭ᠃ | ᠨᠢᠭᠡ ᠳᠤ᠂ ᠵᠢᠷᠠᠨ ᠱᠠᠭ᠎ᠠ ᠠᠴᠠ ᠭᠦᠯᠢᠮ ᠤᠨ ᠭᠠᠳᠠᠨ᠎ᠠ ᠵᠢᠷᠭᠤᠭ᠎ᠠ ᠤᠨᠠᠬᠤ ︵1-6︶ ᠳᠤ ᠪᠣᠯᠣᠨ᠎ᠠ᠂ | ᠳᠣᠯᠤᠭ᠎ᠠ ᠤᠨᠠᠪᠠᠯ ᠳᠥᠷᠢᠮ ᠳᠤ ᠨᠡᠶᠢᠴᠡᠬᠦ ᠦᠭᠡᠢ ᠪᠣᠯᠵᠤ ᠨᠥᠭᠦᠭᠡ ᠡᠲᠡᠭᠡᠳ ᠤᠨ ᠡᠭᠡᠯᠵᠢ ᠪᠣᠯᠣᠨ᠎ᠠ᠃ | ᠭᠦᠯᠢᠮ ᠤᠨ ᠬᠥᠪᠡᠭᠡᠨ ᠳᠠᠬᠢ ᠱᠠᠭ᠎ᠠ ᠶᠢ ᠰᠢᠯᠭᠠᠬᠤ ᠳᠠᠭᠠᠨ ᠭᠦᠯᠢᠮ ᠤᠨ ᠢᠷᠮᠡᠭ ᠢ ᠡᠷᠭᠦᠵᠦ ᠲᠣᠭᠲᠠᠭᠠᠨ᠎ᠠ᠃ ᠡᠨᠡ | ᠨᠢ ᠳᠠᠷᠤᠢ ᠨᠥᠭᠦᠭᠡ ᠡᠲᠡᠭᠡᠳ ᠨᠢ ᠭᠦᠯᠢᠮ ᠤᠨ ᠢᠷᠮᠡᠭ ᠢ ᠬᠥᠩᠭᠡᠬᠡᠨ ᠡᠷᠭᠦᠵᠦ ᠦᠵᠡᠬᠦ ᠳᠤ ᠱᠠᠭ᠎ᠠ ᠭᠦᠯᠢᠮ | ᠳᠡᠭᠡᠷ᠎ᠡ ᠪᠠᠨ ᠲᠣᠭᠲᠠᠵᠤ ᠪᠠᠶᠢᠪᠠᠯ ᠭᠦᠯᠢᠮ ᠳᠡᠭᠡᠷᠡᠬᠢ ᠱᠠᠭ᠎ᠠ ᠪᠠᠷ ᠪᠣᠳᠣᠵᠤ᠂ ᠭᠠᠳᠠᠭᠰᠢ ᠪᠠᠨ ᠤᠨᠠᠪᠠᠯ ᠭᠦᠯᠢᠮ ᠤᠨ | ᠭᠠᠳᠠᠨ᠎ᠠ ᠣᠶᠢᠴᠢᠭᠰᠠᠨ ᠢᠶᠠᠷ ᠪᠣᠳᠣᠨ᠎ᠠ᠃ | ᠬᠤᠶᠠᠷ ᠲᠤ᠂ ᠢᠵᠢᠯ ᠱᠠᠭ᠎ᠠ ᠪᠠᠨ ᠨᠢᠰᠠᠯᠤᠭᠰᠠᠨ ᠤ ᠳᠠᠷᠠᠭ᠎ᠠ ᠨᠢᠭᠡ ᠶᠢ ᠨᠢ ᠠᠪᠤᠨ᠎ᠠ᠂ ᠵᠠᠩᠭᠠᠵᠤ③ | ᠪᠣᠯᠬᠤ ᠦᠭᠡᠢ᠃ ᠱᠠᠭ᠎ᠠ ᠨᠢᠰᠠᠯᠤᠭᠰᠠᠨ ᠭᠠᠷ ᠢᠶᠠᠷ ᠨᠢᠰᠠᠯᠤᠭᠰᠠᠨ ᠱᠠᠭ᠎ᠠ ᠪᠠᠨ ᠠᠪᠴᠤ ᠪᠣᠯᠬᠤ ᠦᠭᠡᠢ᠂ ᠱᠠᠭ᠎ᠠ ᠲᠠᠢ | ᠭᠠᠷ ᠢᠶᠠᠷ ᠱᠠᠭ᠎ᠠ ᠠᠪᠴᠤ ᠪᠣᠯᠬᠤ ᠦᠭᠡᠢ᠂ ᠱᠠᠭ᠎ᠠ ᠨᠢᠰᠠᠯᠬᠤ ᠪᠣᠶᠤ ᠨᠢᠰᠠᠯᠤᠭᠰᠠᠨ ᠱᠠᠭ᠎ᠠ ᠪᠠᠨ ᠠᠪᠬᠤ ᠳᠤ ᠪᠠᠨ | ᠬᠥᠨᠳᠡᠵᠤ④ ᠪᠣᠯᠬᠤ ᠦᠭᠡᠢ᠃ | ᠭᠤᠷᠪᠠ ᠳᠤ᠂ ᠭᠠᠵᠠᠷ ᠤᠨᠠᠭᠰᠠᠨ ᠱᠠᠭ᠎ᠠ ᠶᠢ ᠨᠥᠭᠦᠭᠡ ᠡᠲᠡᠭᠡᠳ ᠠᠪᠴᠤ ᠭᠦᠯᠢᠮ ᠳᠡᠭᠡᠷ᠎ᠡ ᠣᠷᠬᠢᠵᠤ | ᠥᠭᠭᠦᠨ᠎ᠡ᠂ ᠱᠠᠭ᠎ᠠ ᠣᠷᠬᠢᠭᠰᠠᠨ ᠬᠦᠮᠦᠨ ᠥᠪᠡᠷ ᠢᠶᠠᠨ ᠭᠠᠷ ᠬᠦᠷᠴᠦ ᠪᠣᠯᠬᠤ ᠦᠭᠡᠢ᠂ ᠣᠶᠢᠴᠢᠭᠰᠠᠨ ᠱᠠᠭ᠎ᠠ ᠶᠢ | ᠣᠷᠬᠢᠵᠤ ᠥᠭᠬᠦ ᠳᠡᠭᠡᠨ ᠬᠥᠨᠳᠡᠭᠡ⑤ ᠲᠠᠢ ᠣᠷᠬᠢᠵᠤ ᠥᠭᠴᠦ ᠪᠣᠯᠬᠤ ᠦᠭᠡᠢ᠂ ᠭᠦᠯᠢᠮ ᠤᠨ ᠵᠠᠢ ᠶᠢ ᠦᠵᠡᠵᠦ | ᠣᠷᠬᠢᠵᠤ ᠥᠭᠬᠦ ᠬᠡᠷᠡᠭᠲᠡᠢ᠂ ᠣᠯᠠᠨ ᠱᠠᠭ᠎ᠠ ᠶᠢᠨ ᠳᠤᠮᠳᠠ ᠡᠷᠦᠢ ᠬᠤᠷᠣᠢ ᠦᠭᠡᠢ ᠰᠢᠳᠡᠵᠤ ᠬᠠᠶᠠᠵᠤ ᠥᠭᠴᠦ | ᠪᠣᠯᠬᠤ ᠦᠭᠡᠢ᠃ | ᠳᠥᠷᠪᠡ ᠳᠤ᠂ ᠬᠤᠶᠠᠷ ᠡᠲᠡᠭᠡᠳ ᠢᠶᠠᠷ ᠢᠶᠠᠨ ᠨᠠᠷᠢᠨ ᠨᠢᠮᠪᠠᠢ ᠪᠠᠶᠢᠴᠠᠭᠠᠵᠤ᠂ ᠬᠥᠨᠳᠡᠭᠡ ᠪᠠᠶᠢᠬᠤ ᠦᠭᠡᠢ ᠪᠣᠯ | ᠡᠬᠢᠯᠡᠵᠦ ᠨᠢᠰᠠᠯᠵᠤ ᠪᠣᠯᠣᠨ᠎ᠠ᠃ ᠬᠥᠨᠳᠡᠭᠡ ᠲᠠᠢ ᠪᠣᠯ ᠨᠥᠭᠦᠭᠡ ᠡᠲᠡᠭᠡᠳ ᠰᠢᠭᠤᠳ ᠬᠤᠷᠢᠶᠠᠵᠤ ᠠᠪᠤᠨ᠎ᠠ᠂ | ᠲᠡᠭᠦᠨ ᠤ ᠡᠭᠡᠯᠵᠢ ᠪᠤᠯᠤᠨ᠎ᠠ᠃ ᠬᠥᠨᠳᠡᠭᠡ ᠲᠠᠲᠠᠬᠤ ᠳᠤ ᠰᠢᠭᠤᠳ ᠭᠠᠷ ᠢᠶᠠᠷ ᠢᠶᠠᠨ ᠲᠠᠲᠠᠵᠤ ᠪᠤᠯᠠᠬᠤ ᠦᠭᠡᠢ᠂ | ᠵᠠᠪᠠᠯ ᠵᠡᠭᠦᠦ ᠪᠤᠶᠤ ᠰᠢᠳᠤᠨ ᠴᠢᠬᠢᠵᠢᠭᠦᠷ ᠢᠶᠠᠷ ᠲᠠᠲᠠᠬᠤ ᠭᠡᠷᠡᠭᠲᠡᠢ᠃ ᠨᠠᠭᠠᠯᠳᠤᠭᠰᠠᠨ ᠬᠤᠶᠠᠷ ᠱᠠᠭ᠎ᠠ ᠠᠯᠢ ᠨᠢ ᠴᠦ | ᠭᠡᠰᠡᠨ ᠪᠠᠭ᠎ᠠ ᠯᠠ ᠬᠥᠳᠡᠯᠪᠡᠯ ᠳᠠᠷᠤᠢ ᠬᠥᠨᠳᠡᠭᠡ ᠲᠠᠢ ᠳᠤ ᠲᠣᠭᠠᠴᠠᠭᠳᠠᠨ᠎ᠠ᠃ | ᠲᠠᠪᠦ ᠳᠤ᠂ ᠬᠥᠨᠳᠡᠭᠡ ᠲᠠᠲᠠᠭᠰᠠᠨ ᠪᠣᠶᠣ ᠭᠠᠵᠠᠷ ᠣᠶᠢᠴᠢᠭᠰᠠᠨ ᠱᠠᠭ᠎ᠠ ᠠᠴᠠ ᠡᠬᠢᠯᠡᠵᠤ ᠨᠢᠰᠠᠯᠵᠤ ᠪᠣᠯᠬᠤ | ᠦᠭᠡᠢ᠃ ᠵᠢᠷᠭᠤᠭᠠᠨ ᠱᠠᠭ᠎ᠠ ᠨᠢᠰᠠᠯᠤᠭᠰᠠᠨ ᠤ ᠳᠠᠷᠠᠭ᠎ᠠ ᠰᠠᠶ᠋ᠢ ᠡᠳᠡᠭᠡᠷ ᠱᠠᠭ᠎ᠠ ᠶᠢ ᠨᠢᠰᠠᠯᠵᠤ ᠪᠣᠯᠬᠤ ᠮᠦᠷᠲᠡᠭᠡᠨ | ᠪᠠᠰᠠ ᠭᠦᠯᠢᠮ ᠢ ᠡᠬᠢᠯᠡᠵᠤ ᠬᠥᠳᠡᠯᠭᠡᠵᠦ ᠡᠷᠭᠢᠭᠦᠯᠵᠦ ᠪᠣᠯᠣᠨ᠎ᠠ᠃ ᠭᠡᠬᠦ ᠳᠡᠭᠡᠨ ᠭᠦᠯᠢᠮ ᠢᠶᠠᠨ ᠵᠥᠪ ᠡᠷᠭᠢᠭᠦᠯᠦᠨ᠎ᠡ᠂ | ᠬᠠᠮᠤᠭ ᠰᠠᠶᠢᠨ ᠨᠢ ᠭᠦᠯᠢᠮ ᠡᠷᠭᠢᠭᠦᠯᠬᠦ ᠦᠭᠡᠢ ᠪᠣᠯ ᠰᠠᠶᠢᠨ᠂ ᠬᠤᠶᠠᠷ ᠭᠠᠷ ᠢᠶᠠᠷ ᠢᠶᠠᠨ ᠡᠭᠡᠯᠵᠢᠯᠡᠨ ᠨᠢᠰᠠᠯᠪᠠᠯ | ᠭᠦᠯᠢᠮ ᠡᠷᠭᠢᠭᠦᠯᠬᠦ ᠣᠴᠢᠷ ᠳᠡᠮᠡᠢ ᠭᠠᠷᠳᠠᠭ ᠦᠭᠡᠢ᠂ ᠱᠠᠭ᠎ᠠ ᠨᠢᠰᠠᠯᠬᠤ ᠳᠠᠭᠠᠨ ᠣᠷᠣᠨ ᠠᠴᠠ ᠪᠠᠨ ᠬᠥᠳᠡᠯᠵᠤ | ᠪᠣᠯᠳᠠᠭ ᠦᠭᠡᠢ᠃ | ᠵᠢᠷᠭᠤᠭ᠎ᠠ ᠳᠤ᠂ ᠡᠬᠢᠯᠡᠵᠥ ᠱᠠᠭ᠎ᠠ ᠨᠢᠰᠠᠯᠤᠭᠰᠠᠨ ᠬᠦᠮᠦᠨ ᠠᠷᠪᠠᠨ ᠱᠠᠭ᠎ᠠ ᠭᠠᠷ ᠲᠤ ᠪᠠᠨ ᠠᠪᠤᠭᠰᠠᠨ ᠤ | ᠳᠠᠷᠠᠭ᠎ᠠ ᠰᠠᠶ᠋ᠢ ᠭᠠᠷ ᠲᠠᠬᠢ ᠱᠠᠭ᠎ᠠ ᠪᠠᠨ ᠬᠠᠵᠠᠭᠤ ᠳᠤ ᠪᠠᠨ ᠲᠠᠯᠪᠢᠵᠤ ᠭᠠᠷ ᠠᠴᠠ ᠪᠠᠨ ᠰᠠᠯᠭᠠᠵᠤ ᠪᠤᠯᠤᠨ᠎ᠠ᠂ | ᠠᠷᠪᠠᠨ ᠱᠠᠭ᠎ᠠ ᠠᠪᠬᠤ ᠠᠴᠠ ᠡᠮᠦᠨ᠎ᠡ ᠠᠪᠤᠭᠰᠠᠨ ᠱᠠᠭ᠎ᠠ ᠪᠠᠨ ᠭᠠᠷ ᠠᠴᠠ ᠪᠠᠨ ᠰᠠᠯᠭᠠᠵᠤ ᠪᠣᠯᠬᠤ ᠦᠭᠡᠢ᠃ ᠬᠡᠷᠪᠡ | ᠠᠷᠪᠠᠨ ᠱᠠᠭ᠎ᠠ ᠠᠪᠬᠤ ᠠᠴᠠ ᠡᠮᠦᠨ᠎ᠡ ᠳᠥᠷᠢᠮ ᠵᠥᠷᠢᠴᠡᠬᠦ ᠪᠣᠶᠤ ᠨᠢᠰᠠᠯᠵᠤ ᠲᠡᠶᠢᠯᠦᠭᠰᠡᠨ ᠦᠭᠡᠢ ᠪᠣᠯ ᠨᠢᠰᠠᠯᠵᠤ | ᠠᠪᠤᠭᠰᠠᠨ ᠱᠠᠭ᠎ᠠ ᠪᠤᠯᠤᠨ ᠭᠥᠯᠢᠮ ᠳᠡᠭᠡᠷᠡᠬᠢ ᠱᠠᠭ᠎ᠠ ᠪᠠᠨ ᠪᠦᠬᠦᠨ ᠢ ᠨᠥᠭᠦᠭᠡ ᠡᠲᠡᠭᠡᠳ ᠳᠤ ᠪᠠᠨ ᠦᠭᠭᠦᠨ᠎ᠡ᠃ | ᠳᠣᠯᠤᠭ᠎ᠠ ᠳᠤ᠂ ᠣᠷᠬᠢᠭᠰᠠᠨ ᠱᠠᠭ᠎ᠠ ᠨᠢ ᠪᠥᠭᠦᠳᠡ ᠢᠵᠢᠯ ᠪᠣᠯ ᠨᠥᠭᠦᠭᠡ ᠡᠲᠡᠭᠡᠳ ᠪᠤᠯᠢᠶᠠᠵᠤ ᠪᠣᠯᠬᠤ | ᠦᠭᠡᠢ᠂ ᠣᠷᠬᠢᠭᠰᠠᠨ ᠬᠦᠮᠦᠨ ᠥᠪᠡᠷ ᠢᠶᠠᠨ ᠪᠠᠰᠠ ᠬᠤᠷᠢᠶᠠᠵᠤ ᠠᠪᠴᠤ ᠪᠣᠯᠬᠤ ᠦᠭᠡᠢ᠂ ᠵᠠᠪᠠᠯ ᠨᠢᠰᠠᠯᠵᠤ | ᠪᠠᠷᠠᠭᠠᠨ᠎ᠠ᠃ ᠵᠠᠷᠢᠮ ᠭᠠᠵᠠᠷ ᠵᠠᠷᠢᠮ ᠦᠶ᠎ᠡ ᠳᠤ ᠪᠠᠰᠠ ᠨᠠᠰᠤ ᠬᠤᠷᠠᠭ ᠤᠨ ᠵᠠᠯᠠᠭᠤᠴᠤᠳ ᠨᠠᠭᠠᠳᠤᠮ ᠳᠤ ᠨᠠᠷᠭᠢᠶᠠᠨ | ᠨᠡᠮᠡᠵᠦ ᠢᠵᠢᠯ ᠪᠤᠰᠤᠭᠰᠠᠨ ᠱᠠᠭ᠎ᠠ ᠶᠢ ᠪᠤᠯᠢᠶᠠᠯᠴᠠᠬᠤ ᠶᠠᠪᠤᠳᠠᠯ ᠵᠥᠩᠳᠡᠬᠡᠨ ᠭᠠᠷᠳᠠᠭ ᠪᠠᠶᠢᠨ᠎ᠠ᠃ | ᠨᠠᠢᠮᠠ ᠳᠤ᠂ ᠱᠠᠭ᠎ᠠ ᠬᠠᠷᠪᠤᠬᠤ ᠳᠤ ᠭᠠᠷ ᠤᠨ ᠲᠣᠬᠤᠢ ᠪᠠᠨ ᠬᠥᠳᠡᠯᠭᠡᠵᠦ ᠪᠣᠯᠬᠤ ᠦᠭᠡᠢ᠂ ᠵᠥᠪᠬᠡᠨ | ᠬᠤᠷᠤᠭᠤ ᠬᠥᠳᠡᠯᠦᠨ᠎ᠡ᠂ ᠭᠡᠬᠦ ᠳᠡᠭᠡᠨ ᠳᠣᠯᠣᠪᠦᠷ ᠬᠤᠷᠤᠭᠤ ᠪᠠᠷ ᠨᠢᠰᠠᠯᠵᠤ ᠪᠣᠯᠬᠤ ᠦᠭᠡᠢ᠂ ᠨᠢᠰᠠᠯᠵᠤ ᠪᠣᠯᠬᠤ | ᠦᠭᠡᠢ ᠭᠡᠳᠡᠭ ᠨᠢ ᠮᠣᠩᠭᠤᠯ ᠬᠦᠮᠦᠨ ᠶᠡᠷᠦ ᠨᠢ ᠳᠣᠯᠣᠪᠣᠷ ᠬᠤᠷᠤᠭᠤ ᠶᠢ ᠬᠤᠬᠢᠮᠠᠢ ᠶᠢᠨ ᠬᠤᠷᠤᠭᠤ ᠭᠡᠳᠡᠭ ᠲᠠᠢ | ᠬᠤᠯᠪᠤᠭ᠎ᠠ ᠲᠠᠢ᠃ ᠲᠠᠲᠠᠵᠤ᠂ ᠲᠦᠯᠬᠢᠵᠦ᠂ ᠭᠤᠬᠠᠳᠠᠵᠤ᠂ ᠡᠲᠦᠵᠤ ᠪᠣᠯᠬᠤ ᠦᠭᠡᠢ᠂ ᠳᠠᠭᠠᠭᠠᠵᠤ ᠪᠣᠯᠬᠤ ᠦᠭᠡᠢ᠃ | ᠳᠠᠭᠠᠭᠠᠬᠤ ᠭᠡᠳᠡᠭ ᠨᠢ᠂ ᠵᠢᠱᠢᠶᠡᠯᠡᠪᠡᠯ᠂ ᠬᠤᠶᠠᠷ ᠢᠮᠠᠭᠠᠨ ᠤ ᠳᠤᠮᠳᠠ ᠨᠢᠭᠡ ᠮᠣᠷᠢ ᠪᠠᠶᠢᠨ᠎ᠠ᠂ ᠡᠨᠡ ᠬᠤᠶᠠᠷ | ᠢᠮᠠᠭ᠎ᠠ ᠶᠢ ᠰᠢᠭᠤᠳ ᠨᠢᠰᠠᠯᠵᠤ ᠳᠡᠶᠢᠯᠬᠦ ᠦᠭᠡᠢ᠂ ᠡᠨᠡ ᠦᠶ᠎ᠡ ᠳᠤ ᠨᠢᠭᠡ ᠢᠮᠠᠭᠠᠨ ᠤ ᠪᠠᠨ ᠨᠢᠷᠤᠭᠤᠨ ᠳᠡᠭᠡᠷ᠎ᠡ | ᠡᠷᠡᠭᠡᠢ ᠬᠤᠷᠤᠭᠤ ᠪᠠᠷ ᠢᠶᠠᠨ ᠬᠦᠴᠦᠲᠡᠢ ᠳᠠᠷᠤᠵᠤ᠂ ᠬᠤᠷᠤᠭᠤ ᠲᠠᠢ ᠪᠠᠨ ᠨᠠᠭᠠᠯᠳᠤᠭᠤᠯᠵᠤ ᠪᠠᠶᠢᠭᠠᠳ ᠮᠣᠷᠢᠨ ᠤ | ᠳᠡᠭᠡᠭᠦᠷ ᠬᠡᠢ ᠭᠠᠷᠭᠠᠵᠤ᠂ ᠨᠥᠭᠦᠭᠡ ᠢᠮᠠᠭᠠᠨ ᠳᠡᠭᠡᠷ᠎ᠡ ᠪᠠᠨ ᠣᠨᠣᠭᠠᠬᠤ ᠶᠢ ᠬᠡᠯᠡᠨ᠎ᠡ᠃ | ᠶᠢᠰᠦ ᠳᠤ᠂ ᠬᠤᠶᠠᠷ ᠱᠠᠭ᠎ᠠ ᠶᠢ ᠨᠢᠰᠠᠯᠤᠭᠰᠠᠨ ᠤ ᠳᠠᠷᠠᠭ᠎ᠠ᠂ ᠨᠢᠭᠡ ᠨᠢ ᠭᠦᠯᠢᠮ ᠳᠡᠭᠡᠷ᠎ᠡ ᠪᠠᠨ | ᠦᠯᠡᠳᠡᠵᠤ᠂ ᠨᠢᠭᠡ ᠨᠢ ᠭᠦᠯᠢᠮ ᠤᠨ ᠭᠠᠳᠠᠨ᠎ᠠ ᠭᠠᠷᠪᠠᠯ ᠭᠥᠯᠢᠮ ᠤᠨ ᠭᠠᠳᠠᠨ᠎ᠠ ᠣᠶᠢᠴᠢᠭᠰᠠᠨ ᠢ ᠲᠡᠭᠦᠵᠦ ᠠᠪᠤᠨ᠎ᠠ᠂ | ᠭᠦᠯᠢᠮ ᠳᠡᠭᠡᠷ᠎ᠡ ᠪᠠᠶᠢᠭ᠎ᠠ ᠱᠠᠭ᠎ᠠ ᠪᠠᠨ ᠠᠪᠴᠤ ᠪᠣᠯᠬᠤ ᠦᠭᠡᠢ᠂ ᠨᠢᠰᠠᠯᠤᠭᠰᠠᠨ ᠬᠤᠶᠠᠷ ᠱᠠᠭ᠎ᠠ ᠬᠤᠶᠠᠭᠤᠯᠠ ᠪᠠᠨ | ᠭᠦᠯᠢᠮ ᠤᠨ ᠭᠠᠳᠠᠨ᠎ᠠ ᠭᠠᠷᠪᠠᠯ᠂ ᠳᠥᠷᠢᠮ ᠵᠥᠷᠢᠴᠡᠭᠰᠡᠨ ᠳᠤ ᠲᠤᠭᠠᠴᠠᠭᠳᠠᠨ᠎ᠠ᠃ ᠭᠡᠶ᠎ᠡ ᠰᠥᠮ᠎ᠡ ᠶᠢᠨ ᠮᠠᠮᠠ ᠨᠠᠷ | ᠪᠣᠯ ᠬᠠᠷᠢᠨ ᠣᠶᠢᠴᠢᠭᠰᠠᠨ ᠬᠤᠶᠠᠷ ᠱᠠᠭ᠎ᠠ ᠶᠢᠨ ᠠᠯᠢ ᠨᠢ ᠬᠡᠷᠡᠭᠴᠡᠭᠡ ᠲᠠᠢ ᠶᠠᠭᠤᠮ᠎ᠠ ᠨᠢ ︵ᠳᠠᠷᠤᠢ ᠮᠣᠷᠢ ᠲᠡᠮᠡᠭᠡ | ᠬᠤᠨᠢ ᠢᠮᠠᠭ᠎ᠠ︶ ᠪᠣᠯᠣᠭᠰᠠᠨ ᠪᠠᠶᠢᠪᠠᠯ ᠲᠡᠷᠡ ᠶᠢ ᠪᠠᠨ ᠬᠥᠯᠢᠮ ᠳᠡᠭᠡᠷ᠎ᠡ ᠲᠠᠯᠪᠢᠭᠤᠯᠵᠤ ᠵᠠᠯᠭᠠᠨ ᠨᠠᠭᠠᠳᠳᠠᠭ ᠪᠠᠶᠢᠨ᠎ᠠ | ᠃ ᠡᠨᠡ ᠲᠠᠯ᠎ᠠ ᠪᠠᠷ ᠰᠥᠮ᠎ᠡ ᠶᠢᠨ ᠨᠠᠭᠠᠳᠤᠮ ᠤᠨ ᠳᠥᠷᠢᠮ ᠨᠢ ᠵᠢᠭᠠᠬᠠᠨ ᠰᠤᠯᠠ ᠰᠢᠭ᠋ ᠪᠠᠶᠢᠳᠠᠭ ᠪᠠᠶᠢᠨ᠎ᠠ᠃ ᠡᠭᠦᠨ ᠢ | ᠰᠢᠯᠢᠨᠬᠤᠲᠠ ᠶᠢᠨ ᠪᠠᠶᠠᠨᠪᠤᠯᠠᠭ ᠰᠤᠮᠤᠨ ᠤ ᠪᠠᠷᠬᠠᠰᠤᠸᠠᠳᠢ ᠨᠠᠰᠤᠲᠠᠨ ᠨᠠᠳᠠ ᠳᠤ ᠶᠠᠷᠢᠭᠰᠠᠨ ᠪᠢᠯᠡ᠃ | ᠠᠷᠪᠠ ᠳᠤ᠂ ᠬᠠᠮᠤᠭ ᠰᠡᠭᠦᠯ ᠳᠤ ᠬᠤᠶᠠᠷᠬᠠᠨ ᠱᠠᠭ᠎ᠠ ᠦᠯᠡᠳᠡᠭᠰᠡᠨ ᠦᠶ᠎ᠡ ᠳᠤ ᠱᠠᠭ᠎ᠠ ᠪᠠᠶᠢᠬᠤ ᠦᠭᠡᠢ | ᠬᠦᠮᠦᠨ ᠢᠵᠢᠯ ᠣᠷᠬᠢᠪᠠᠯ ᠠᠷᠪᠢᠨ ᠱᠠᠭ᠎ᠠ ᠲᠠᠢ ᠬᠦᠮᠦᠨ ᠨᠢ ᠬᠤᠶᠠᠷ ᠱᠠᠭ᠎ᠠ ᠭᠠᠷᠭᠠᠵᠤ ᠦᠷᠭᠦᠯᠵᠢᠯᠡᠨ ᠨᠠᠭᠠᠳᠤᠨ᠎ᠠ᠃ | ᠠᠷᠪᠢᠨ ᠱᠠᠭ᠎ᠠ ᠲᠠᠢ ᠬᠦᠮᠦᠨ ᠨᠢ ᠢᠵᠢᠯ ᠣᠷᠬᠢᠪᠠᠯ ᠢᠵᠢᠯ ᠣᠷᠭᠢᠭᠰᠠᠨ ᠬᠤᠶᠠᠷ ᠱᠠᠭ᠎ᠠ ᠪᠠᠨ ᠨᠢᠰᠠᠯᠵᠤ᠂ ᠨᠥᠭᠦᠭᠡ | ᠡᠲᠡᠭᠡᠳ ᠢᠶᠠᠨ ᠢᠯᠠᠨ᠎ᠠ᠂ ᠵᠠᠷᠢᠮ ᠦᠶ᠎ᠡ ᠳᠤ ᠪᠠᠰᠠ ᠪᠡᠶ᠎ᠡ ᠪᠡᠶ᠎ᠡ ᠪᠠᠨ ᠬᠤᠷᠣᠰᠬᠠᠵᠤ᠂ ᠰᠢᠬᠡᠵᠢ ᠬᠤᠷᠤᠭᠤ ᠪᠠᠷ ᠢᠶᠠᠨ | ᠨᠢᠰᠠᠯᠬᠤ ᠴᠦ ᠪᠣᠢ᠃ | ᠱᠠᠭ᠎ᠠ ᠪᠠᠷ ᠪᠥᠩᠵᠢᠭ ᠣᠷᠬᠢᠬᠤ ᠪᠠ ᠣᠪᠣᠭ᠎ᠠ ᠳᠠᠬᠢᠬᠤ | ᠪᠥᠩᠵᠢᠭ ᠣᠷᠬᠢᠬᠤ ᠦᠶ᠎ᠡ ᠳᠤ ᠬᠡᠷᠪᠡ ᠢᠵᠢᠯ ᠮᠣᠷᠢ ᠪᠣᠰᠪᠠᠯ ᠬᠡᠶᠢᠮᠣᠷᠢ ᠵᠢᠪᠬᠤᠭ᠎ᠠ ᠲᠠᠢ ᠪᠠᠶᠢᠨ᠎ᠠ ᠭᠡᠵᠤ | ᠶᠡᠭᠡ ᠯᠠ ᠪᠡᠯᠭᠡᠰᠢᠶᠡᠵᠤ ᠪᠠᠶᠢᠳᠠᠭ᠃ ᠵᠠᠷᠢᠮ ᠭᠠᠵᠠᠷ ᠣᠷᠬᠢᠭᠰᠠᠨ ᠠᠷᠪᠢᠨ ᠱᠠᠭ᠎ᠠ ᠶᠢᠨ ᠳᠣᠮᠳᠠ ᠠᠴᠠ ᠡᠬᠢᠯᠡᠵᠤ | ᠨᠢᠰᠠᠯᠬᠤ ᠠᠴᠠ ᠪᠠᠨ ᠡᠮᠦᠨ᠎ᠡ ᠮᠣᠷᠢ ᠪᠣᠰᠤᠭᠰᠠᠨ ᠱᠠᠭ᠎ᠠ ᠪᠠᠨ ᠳᠡᠭᠦᠵᠦ ᠠᠪᠳᠠᠭ᠃ ᠮᠠᠨ ᠤ ᠠᠳᠡ ᠳᠡᠭᠡᠳᠡᠭ ᠦᠭᠡᠢ᠃ | ᠠᠷᠪᠢᠨ ᠮᠣᠷᠢ ᠪᠣᠰᠣᠭᠰᠠᠨ ᠪᠠᠶᠢᠪᠠᠯ ᠬᠡᠶᠢᠮᠣᠷᠢ ᠲᠠᠢ ᠪᠠᠶᠢᠨ᠎ᠠ ᠭᠡᠵᠤ ᠱᠠᠭ᠎ᠠ ᠨᠢᠰᠠᠯᠬᠤ ᠬᠦᠮᠦᠨ ᠵᠣᠷᠢᠭ ᠵᠣᠯᠪᠤᠭ᠎ᠠ | ᠲᠠᠢ ᠪᠣᠯᠵᠤ᠂ ᠦᠵᠡᠵᠤ ᠬᠠᠷᠠᠵᠤ ᠪᠠᠶᠢᠭ᠎ᠠ ᠬᠦᠮᠦᠰ ᠴᠦ ︿︿ ᠪᠣᠯᠵᠤ ᠪᠠᠶᠢᠨ᠎ᠠ᠂ ᠠᠵᠠ ᠲᠠᠢ ᠪᠠᠶᠢᠨ᠎ᠠ᠂ ᠢᠯᠠᠬᠤ | ᠶᠤᠮ ᠪᠠᠶᠢᠨ᠎ᠠ﹀﹀ ᠭᠡᠵᠤ ᠤᠷᠮ᠎ᠠ ᠬᠠᠶᠢᠷᠠᠯᠠᠳᠠᠭ᠃ ᠣᠷᠬᠢᠬᠤ ᠠᠷᠪᠢᠨ ᠱᠠᠭ᠎ᠠ ᠶᠢᠨ ᠳᠤᠮᠳᠠ ᠠᠴᠠ ᠭᠡᠯᠲᠡᠩ ᠲᠡᠮᠡᠭᠡ | ᠪᠣᠶᠣ ᠭᠡᠯᠲᠡᠩ ᠮᠣᠷᠢ ᠭᠠᠷᠳᠠᠭ᠃ ᠡᠨᠡ ᠦᠶ᠎ᠡ ᠳᠤ ᠨᠠᠭᠠᠳᠴᠤ ᠪᠠᠶᠢᠭ᠎ᠠ ᠨᠥᠭᠦᠭᠡ ᠡᠲᠡᠭᠡᠳ ᠨᠢ ᠭᠦᠯᠢᠮ ᠳᠡᠭᠡᠷ᠎ᠡ | ᠭᠡᠯᠲᠡᠩ ᠲᠡᠮᠡᠭᠡ ᠭᠡᠯᠲᠡᠩ ᠮᠣᠷᠢᠨ ᠤ ᠬᠠᠵᠠᠭᠤ ᠳᠤ ᠬᠥᠩᠭᠡᠬᠡᠨ ᠭᠤᠷᠪᠠ ᠲᠣᠭᠰᠢᠨ᠎ᠠ᠂ ᠬᠡᠷᠪᠡ ᠤᠨᠠᠬᠤ ᠦᠭᠡᠢ ᠪᠣᠯ | ᠭᠡᠯᠳᠡᠩ ᠲᠡᠮᠡᠭᠡ ᠪᠣᠯ ᠲᠡᠮᠡᠭᠡ ᠪᠠᠷ ᠨᠢ ᠪᠣᠳᠣᠨ᠎ᠠ᠂ ᠭᠡᠯᠳᠡᠩ ᠮᠣᠷᠢ ᠪᠣᠯ ᠮᠣᠷᠢ ᠪᠠᠷ ᠪᠣᠳᠣᠨ᠎ᠠ᠂ ᠤᠨᠠᠪᠠᠯ ᠬᠤᠨᠢ | ᠢᠮᠠᠭᠠᠨ ᠤ ᠠᠯᠢ ᠨᠢ ᠲᠤᠰᠪᠠᠯ ᠠᠯᠢ ᠪᠠᠷ ᠨᠢ ᠪᠣᠳᠣᠳᠠᠭ᠂ ᠪᠠᠰᠠ ᠣᠷᠬᠢᠭᠰᠠᠨ ᠣᠯᠠᠨ ᠱᠠᠭ᠎ᠠ ᠶᠢᠨ ᠳᠤᠮᠳᠠ ᠠᠴᠠ | ᠳᠡᠭᠡᠷ᠎ᠡ ᠳᠡᠭᠡᠷ᠎ᠡ ᠪᠠᠨ ᠳᠠᠪᠬᠤᠷᠯᠠᠵᠤ ᠪᠠᠭᠤᠭᠰᠠᠨ ᠢ ᠣᠪᠣᠭ᠎ᠠ ᠭᠡᠵᠣ ᠂ ᠣᠪᠣᠭ᠎ᠠ ᠳᠠᠬᠢᠬᠤ ᠦᠢᠯᠡ ᠬᠥᠳᠡᠯᠭᠡᠭᠡᠨ | ᠶᠠᠪᠤᠭᠳᠠᠳᠠᠭ᠃ ᠱᠠᠭ᠎ᠠ ᠣᠷᠬᠢᠭᠰᠠᠨ ᠬᠦᠮᠦᠨ ᠤ ᠨᠥᠭᠦᠭᠡ ᠡᠲᠡᠭᠡᠳ ᠨᠢ ᠨᠢᠭᠡᠳᠦᠭᠡᠷ ᠲᠤ ᠮᠣᠷᠢ ᠠᠪᠴᠤ ᠲᠠᠬᠢᠳᠠᠭ᠂ | ᠢᠯᠡᠭᠦᠦ ᠱᠠᠭ᠎ᠠ ᠬᠤᠨᠵᠢᠬᠤ ᠶᠢᠨ ᠲᠤᠯᠠᠳᠠ᠂ ᠣᠪᠣᠭᠠᠨ ᠠᠴᠠ ᠵᠠᠶᠢᠲᠠᠢ ᠰᠢᠭ᠋ ᠣᠷᠬᠢᠳᠠᠭ᠂ ︵ᠣᠪᠣᠭᠠᠨ ᠤ | ᠬᠠᠵᠠᠭᠤᠬᠠᠨ ᠳᠤ ᠣᠷᠬᠢᠪᠠᠯ ᠲᠣᠷᠭᠢᠯᠲᠠ ᠠᠴᠠ ᠪᠣᠯᠵᠤ ᠣᠪᠣᠭ᠎ᠠ ᠨᠤᠷᠠᠴᠢᠬᠠᠪᠠᠯ ᠣᠪᠣᠭ᠎ᠠ ᠳᠠᠬᠢᠭᠰᠠᠨ ᠬᠦᠮᠦᠨ | ᠭᠠᠭᠴᠠ ᠯᠠ ᠱᠠᠭ᠎ᠠ ᠬᠤᠨᠵᠢᠬᠤ ᠪᠢᠰᠢ ᠦᠦ︶ ᠬᠤᠶᠠᠷ᠂ ᠭᠤᠷᠪᠠᠳᠤᠭᠠᠷ ᠲᠤ ᠲᠡᠮᠡᠭᠡ ᠬᠤᠨᠢ᠂ ᠢᠮᠠᠭ᠎ᠠ ᠠᠯᠢᠨ ᠨᠢ | ᠴᠦ ᠪᠣᠯᠣᠨ᠎ᠠ᠂ ᠣᠪᠣᠭᠠᠨ ᠤ ᠣᠷᠴᠢᠮ ᠣᠷᠬᠢᠵᠤ᠂ ᠭᠤᠷᠪᠠᠳᠤᠭᠠᠷ ᠲᠤ ᠵᠠᠪᠠᠯ ᠣᠪᠣᠭ᠎ᠠ ᠶᠢ ᠨᠢ ᠪᠠᠭᠤᠯᠭᠠᠵᠤ | ᠥᠭᠭᠦᠭᠰᠡᠨ ᠪᠠᠶᠢᠬᠤ ᠬᠡᠷᠡᠭᠲᠡᠢ᠃ ᠱᠠᠭ᠎ᠠ ᠨᠢᠰᠠᠯᠬᠤ ᠨᠢ ᠨᠠᠰᠤ ᠵᠢᠯ ᠤᠨ ᠬᠢᠵᠠᠭᠠᠷᠯᠠᠯ ᠦᠭᠡᠢ ᠵᠡᠷᠭᠡ ᠬᠡᠷᠬᠢᠮ ᠤᠨ | ᠢᠯᠭᠠᠯ ᠦᠭᠡᠢ ᠨᠠᠭᠠᠳᠳᠠᠭ ᠨᠠᠭᠠᠳᠤᠮ ᠪᠤᠯᠬᠤᠷ ᠶᠡᠭᠡ ᠯᠠ ᠬᠥᠭᠵᠢᠶᠡᠨ ᠲᠠᠢ ᠮᠥᠷᠲᠡᠭᠡᠨ ᠠᠲᠠᠭ᠎ᠠ ᠵᠦᠲᠡᠭᠡ ᠲᠠᠢ | ᠪᠠᠶᠢᠳᠠᠭ ᠶᠤᠮ ᠪᠠᠶᠢᠨ᠎ᠠ᠂ ᠡᠨᠡ ᠲᠤᠬᠠᠢ ᠲᠠᠢ ᠣᠳᠣ ᠶᠢᠨ ᠪᠠᠶᠠᠨᠪᠤᠯᠠᠭ ᠰᠤᠮᠤᠨ ᠤ ᠪᠠᠷᠬᠠᠰᠤᠸᠠᠳᠢ ᠨᠠᠰᠤᠲᠠᠨ | ᠬᠡᠯᠡᠬᠦ ᠳᠡᠭᠡᠨ ᠪᠡᠶᠢᠰᠡ ᠶᠢᠨ ᠰᠥᠮ᠎ᠡ ᠶᠢᠨ ᠬᠠᠶᠢᠮᠴᠤᠭ ᠭᠡᠳᠡᠭ ᠳ᠋ᠠ ᠯᠠᠮᠠ ᠴᠠᠭᠠᠨ ᠰᠠᠷ᠎ᠠ ᠶᠢᠨ ᠱᠠᠭ᠎ᠠ | ᠨᠠᠭᠠᠳᠤᠮ ᠢᠶᠠᠷ ᠢᠶᠠᠨ ᠵᠢᠭᠠᠬᠠᠨ ᠱᠠᠪᠢ ᠳᠠᠭᠠᠨ ᠱᠦᠭᠦᠭᠳᠡᠵᠡᠢ᠂ ᠴᠠᠭᠠᠨ ᠰᠠᠷ᠎ᠠ ᠥᠩᠭᠡᠷᠡᠵᠤ ᠬᠤᠷᠠᠯ ᠬᠤᠷᠠᠵᠤ ᠨᠣᠮ | ᠬᠠᠶᠠᠯᠴᠠᠬᠤ ᠪᠣᠯᠬᠤ ᠳᠤ ᠥᠨᠥ ᠵᠢᠭᠠᠬᠠᠨ ᠱᠠᠪᠢ ᠨᠢ ᠰᠤᠷᠤᠭᠰᠠᠨ ᠨᠣᠮ ᠢᠶᠠᠨ ᠮᠠᠷᠲᠠᠴᠢᠬᠠᠵᠠᠢ᠂ ᠬᠠᠶᠢᠮᠴᠤᠭ ᠳ᠋ᠠ | ᠯᠠᠮᠠ ᠶᠡᠭᠡ ᠯᠠ ᠠᠭᠤᠷᠯᠠᠵᠤ᠄ ︿︿ᠴᠢᠨᠤ ᠥᠨᠥ ᠱᠠᠭ᠎ᠠ ᠨᠠᠭᠠᠳᠤᠭᠠᠳ ᠬᠦᠮᠦᠨ ᠱᠦᠭᠦᠳᠡᠭ ᠤᠬᠠᠭᠠᠨ ᠴᠢᠨᠢ | ᠶᠠᠭᠠᠴᠢᠬᠠᠪᠠ﹀﹀ ᠭᠡᠵᠤ ᠵᠠᠩᠨᠠᠭᠰᠠᠨ ᠭᠡᠨ᠎ᠡ᠃ | ᠱᠠᠭ᠎ᠠ ᠶᠢ ᠪᠤᠳᠤᠬᠤ᠂ ᠬᠠᠮᠠᠭᠠᠯᠠᠬᠤ ᠪᠠ ᠨᠠᠭᠠᠳᠤᠮ ᠤᠨ ᠪᠡᠯᠭᠡᠳᠡᠯ | ᠠᠪᠠᠭᠠᠨᠠᠷ ᠨᠤᠲᠤᠭ ᠲᠤ ᠱᠠᠭ᠎ᠠ ᠨᠢᠰᠠᠯᠵᠤ ᠨᠠᠭᠠᠳᠬᠤ ᠳᠤ ᠵᠠᠪᠠᠯ ᠵᠡᠭᠡᠷ᠎ᠡ ᠶᠢᠨ ᠱᠠᠭ᠎ᠠ ᠪᠠᠷ ᠨᠠᠭᠠᠳᠤᠳᠠᠭ᠂ | ᠤᠴᠢᠷ ᠨᠢ ᠵᠡᠭᠡᠷ᠎ᠡ ᠶᠢᠨ ᠱᠠᠭ᠎ᠠ ᠦᠵᠡᠬᠦ ᠳᠤ ᠴᠡᠪᠡᠷ ᠴᠡᠮᠴᠡᠭᠡᠷ᠂ ᠭᠤᠸ᠎ᠠ ᠭᠡᠭᠡᠨᠴᠡᠷ ᠭᠠᠷ ᠲᠤ ᠠᠳᠬᠤᠬᠤ ᠳᠤ | ᠪᠠᠭᠲᠠᠭᠠᠮᠵᠢ ᠰᠠᠶᠢᠲᠠᠢ ᠮᠥᠷᠲᠡᠭᠡᠨ ᠡᠶᠡᠪᠡᠷᠭᠦᠦ ᠲᠠᠭᠠᠯᠠᠮᠵᠢᠲᠠᠢ᠃ ᠨᠢᠰᠠᠯᠬᠤ ᠳᠤ ᠣᠨᠣᠴᠠ ᠰᠠᠶᠢᠲᠠᠢ᠂ ᠰᠣᠨᠤᠰᠬᠤ | ᠳᠤ ᠳᠠᠭᠤᠨ ᠤ ᠥᠩᠭᠡ ᠲᠣᠷᠨᠢᠭᠤᠨ᠂ ᠣᠷᠬᠢᠬᠤ ᠳᠤ ᠲᠣᠰᠣᠯᠲᠠ ᠰᠠᠶᠢᠲᠠᠢ ᠵᠡᠷᠭᠡ ᠣᠨᠴᠠᠯᠢᠭ ᠲᠠᠢ ᠪᠠᠶᠢᠳᠠᠭ᠃ | ᠵᠡᠭᠡᠷ᠎ᠡ ᠶᠢᠨ ᠱᠠᠭ᠎ᠠ ᠤᠳᠠᠭᠠᠨ ᠵᠢᠯ ᠪᠣᠯᠣᠭᠰᠠᠨ ᠨᠢ ᠰᠢᠪ ᠰᠢᠷ᠎ᠠ ᠥᠩᠭᠡᠲᠡᠢ ᠮᠥᠷᠲᠡᠭᠡᠨ ᠮᠣᠷᠢᠨ ᠲᠠᠯ᠎ᠠ ᠲᠡᠮᠡᠭᠡᠨ | ᠲᠠᠯ᠎ᠠ ᠨᠢ ᠭᠥᠯᠢᠭᠡᠷ ᠪᠣᠯᠴᠢᠬᠠᠭᠰᠠᠨ ᠪᠠᠶᠢᠳᠠᠭ᠃ ᠨᠠᠰᠤᠲᠠᠶᠢᠴᠤᠤᠯ ᠤᠨ ᠬᠠᠭᠤᠴᠢᠯᠠᠬᠤ ᠪᠠᠷ ᠱᠠᠭ᠎ᠠ ᠶᠢ ᠤᠳᠠᠭᠠᠨ ᠵᠢᠯ | ᠨᠠᠭᠠᠳᠴᠤ᠂ ᠭᠠᠷ ᠤᠨ ᠬᠥᠯᠥᠰᠥ ᠣᠷᠤᠭᠰᠠᠨ ᠠᠴᠠ ᠰᠢᠷ᠎ᠠ ᠥᠩᠭᠡᠲᠡᠢ ᠪᠣᠯᠣᠯ᠎ᠠ ᠭᠡᠵᠤ ᠶᠠᠷᠢᠳᠠᠭ᠃ ᠪᠠᠰᠠ | ᠦᠬᠡᠷ ᠤᠨ ᠰᠢᠯᠪᠢᠨ ᠤ ᠶᠠᠰᠤᠨ ᠤ ᠱᠥᠯᠥᠨ ᠳᠤ ᠵᠥᠭᠡᠯᠡᠨ ᠭᠠᠯ ᠢᠶᠠᠷ ᠤᠳᠠᠭᠠᠨ ᠪᠤᠴᠠᠯᠭᠠᠪᠠᠯ ᠰᠢᠷ᠎ᠠ ᠥᠩᠭᠡᠲᠠᠢ | ᠪᠣᠯᠣᠨ᠎ᠠ ᠭᠡᠳᠡᠭ᠃ ᠬᠠᠳᠠᠨ ᠤ ᠬᠠᠭ ᠴᠢᠨᠠᠵᠤ ᠪᠣᠯᠭᠤᠭᠰᠠᠨ ᠣᠰᠤᠨ ᠳᠤ ᠨᠢ ᠱᠠᠭ᠎ᠠ ᠪᠠᠨ ᠪᠤᠴᠠᠯᠭᠠᠪᠠᠯ ᠨᠣᠭᠤᠭᠠᠨ | ᠥᠩᠭᠡᠲᠡᠢ ᠪᠣᠯᠳᠠᠭ ᠭᠡᠨ᠎ᠡ᠃ ᠱᠠᠭ᠎ᠠ ᠶᠢ ᠤᠳᠠᠭᠠᠨ ᠵᠢᠯ ᠬᠠᠳᠠᠭᠠᠯᠠᠬᠤ ᠳᠤ ᠵᠠᠪᠠᠯ ᠵᠢᠯ ᠳᠤ ᠬᠡᠳᠦ ᠤᠳᠠᠭ᠎ᠠ | ᠲᠠᠭᠠᠷᠴᠤᠭ ᠠᠴᠠ ᠨᠢ ᠭᠠᠷᠭᠠᠵᠤ ᠨᠠᠷᠠ ᠰᠠᠯᠬᠢ ᠦᠵᠡᠭᠦᠯᠵᠤ ᠡᠷᠭᠢᠭᠦᠯᠵᠤ ᠤᠷᠪᠠᠭᠤᠯᠵᠤ ᠭᠠᠷ ᠤᠨ ᠬᠥᠯᠥᠰᠥ | ᠤᠷᠤᠭᠤᠯᠵᠤ ᠪᠠᠶᠢᠬᠤ ᠬᠡᠷᠡᠭᠲᠡᠢ᠃ ᠬᠠᠷᠢᠨ ᠴᠢᠬᠢᠭ ᠨᠣᠶᠢᠲᠠᠨ ᠢ ᠬᠠᠮᠢᠶᠠᠷᠬᠤ ᠦᠭᠡᠢ ᠡᠷᠤᠢ ᠬᠤᠷᠤᠢ ᠦᠭᠡᠢ | ᠬᠠᠶᠠᠴᠢᠬᠠᠵᠤ ᠪᠣᠯᠬᠤ ᠦᠭᠡᠢ᠃ ᠨᠡᠩ ᠴᠦ ᠬᠥᠨᠳᠡᠢ ᠬᠠᠨᠳᠠᠢ ᠳᠤ ᠬᠦᠰᠡᠷ ᠬᠠᠶᠠᠴᠢᠬᠠᠵᠤ ᠪᠣᠯᠬᠤ ᠦᠭᠡᠢ᠃ | ᠢᠩᠭᠢᠪᠡᠯ ᠬᠤᠷᠣᠬᠠᠶᠢᠰᠢᠶᠠᠬᠤ ᠠᠶᠤᠯ ᠲᠠᠢ᠂ ᠬᠤᠷᠤᠬᠠᠶᠢᠰᠢᠶᠠᠪᠠᠯ ᠥᠩᠭᠡ ᠵᠢᠪᠠᠷ ᠢᠶᠠᠨ ᠠᠯᠳᠠᠵᠤ ᠠᠳᠡ | ᠲᠡᠨᠳᠡ ᠠᠴᠠ ᠨᠢ ᠬᠤᠩᠬᠤᠶᠢᠵᠤ ᠬᠤᠲᠤᠶᠢᠭᠠᠳ ᠥᠩᠭᠡ ᠦᠵᠡᠮᠵᠢ ᠦᠭᠡᠢ ᠪᠤᠯᠤᠨ᠎ᠠ᠃ ᠱᠠᠭ᠎ᠠ ᠨᠢᠰᠠᠯᠬᠤ | ᠳᠤᠮᠳᠠ ᠪᠠᠨ ᠬᠤᠨᠢᠨ ᠠᠴᠠ ᠡᠬᠢᠯᠡᠪᠡᠯ ᠬᠤᠨᠵᠢᠨ᠎ᠠ᠂ ᠮᠣᠷᠢᠨ ᠠᠴᠠ ᠡᠬᠢᠯᠡᠪᠡᠯ ᠮᠣᠬᠤᠨᠠ᠂ ᠲᠡᠮᠡᠭᠡᠨ ᠠᠴᠠ ᠡᠬᠢᠯᠡᠪᠡᠯ | ᠲᠡᠩᠬᠡᠷᠡᠨᠡ᠂ ᠢᠮᠠᠭᠠᠨ ᠠᠴᠠ ᠡᠬᠢᠯᠡᠪᠡᠯ ᠶᠠᠳᠠᠷᠠᠨ᠎ᠠ ᠭᠡᠬᠦ ᠪᠣᠶᠣ ᠨᠠᠭᠠᠳᠴᠤ ᠪᠠᠶᠢᠭ᠎ᠠ ᠬᠤᠶᠠᠷ ᠬᠦᠮᠦᠨ ᠤ ᠨᠢᠭᠡ ᠨᠢ | ᠴᠥᠬᠡᠨ ᠭᠡᠳᠤᠨ ᠱᠠᠭ᠎ᠠ ᠲᠠᠢ ᠦᠶᠡᠰ ᠵᠢᠱᠢᠶᠡᠯᠡᠪᠡᠯ ᠵᠢᠷᠭᠤᠭᠠᠨ ᠱᠠᠭ᠎ᠠ ᠲᠠᠢ ᠦᠶᠡᠰ ᠵᠢᠭᠤᠷᠠᠯᠳᠤᠬᠤ ᠶᠢᠨ ᠵᠢᠷᠭᠤᠭ᠎ᠠ | ᠂ ᠳᠣᠯᠣᠭᠠᠨ ᠱᠠᠭ᠎ᠠ ᠲᠠᠢ ᠪᠣᠯ ᠳᠣᠷᠣᠶᠢᠲᠠᠬᠤ ᠶᠢᠨ ᠳᠣᠯᠤᠭ᠎ᠠ᠂ ᠨᠠᠢᠮᠠᠨ ᠱᠠᠭ᠎ᠠ ᠲᠠᠢ ᠪᠣᠯ ᠨᠠᠭᠠᠰᠢᠯᠠᠬᠤ ᠶᠢᠨ ᠨᠠᠢᠮᠠ | ᠭᠡᠬᠦ ᠵᠡᠷᠭᠡ ᠶᠢᠨ ᠬᠤᠯᠪᠤᠭ᠎ᠠ ᠬᠤᠷᠰᠢᠶ᠎ᠠ ᠦᠭᠡ ᠣᠯᠠᠨ ᠪᠠᠶᠢᠳᠠᠭ ᠪᠥᠭᠡᠳ ᠴᠠᠭᠠᠨ ᠰᠠᠷ᠎ᠠ ᠥᠩᠭᠡᠷᠡᠵᠦ᠂ ᠬᠠᠪᠤᠷ ᠤᠨ | ᠲᠥᠯ ᠲᠣᠰᠬᠤ ᠴᠠᠭ ᠪᠣᠯᠬᠤ ᠦᠶᠡᠰ ᠱᠠᠭ᠎ᠠ ᠨᠠᠭᠠᠳᠤᠪᠠᠯ ᠮᠠᠶᠢᠭ ᠬᠤᠷᠠᠭ᠎ᠠ ᠭᠠᠷᠤᠨ᠎ᠠ ᠭᠡᠵᠤ ᠨᠠᠭᠠᠳᠬᠤ ᠪᠠᠨ | ᠪᠣᠯᠢᠵᠤ᠂ ᠬᠤᠷᠢᠶᠠᠵᠤ ᠲᠠᠯᠪᠢᠳᠠᠭ᠃ | ᠶᠡᠷᠦᠩᠬᠡᠢ ᠪᠠᠶᠢᠳᠠᠯ ᠠᠴᠠ ᠨᠢ ᠠᠪᠴᠤ ᠦᠵᠡᠬᠦ ᠳᠤ᠄ ᠠᠪᠠᠭᠠᠨᠠᠷ ᠨᠤᠲᠤᠭ ᠤᠨ ᠱᠠᠭ᠎ᠠ ᠶᠢᠨ ᠰᠤᠶᠤᠯ | ᠠᠭᠤᠯᠭ᠎ᠠ ᠥᠷᠭᠡᠨ ᠳᠡᠯᠭᠡᠷ ᠪᠥᠭᠡᠳ ᠪᠣᠰᠤᠳ ᠭᠠᠵᠠᠷ ᠣᠷᠣᠨ ᠤ ᠱᠠᠭ᠎ᠠ ᠶᠢᠨ ᠰᠤᠶᠤᠯ ᠠᠴᠠ ᠬᠤᠵᠢᠮᠳᠠᠬᠤ ᠦᠭᠡᠢ | ᠮᠥᠷᠲᠡᠭᠡᠨ ᠣᠬᠢ ᠰᠢᠯᠢᠳᠡᠭ ᠵᠤᠶᠢᠯ ᠤᠳ ᠴᠦ ᠣᠯᠠᠨ ᠪᠠᠶᠢᠨ᠎ᠠ ᠭᠡᠳᠡᠭ ᠢ ᠮᠡᠳᠡᠷᠡᠬᠦ ᠶᠢᠨ ᠬᠠᠮᠲᠤ ᠵᠠᠬ᠎ᠠ ᠵᠤᠬ᠎ᠠ ᠠᠴᠠ | ᠨᠢ ᠪᠠᠭ᠎ᠠ ᠰᠠᠭ᠎ᠠ ᠲᠠᠨᠢᠯᠴᠠᠭᠤᠯᠤᠯ᠎ᠠ᠃ | ᠲᠠᠶᠢᠯᠪᠤᠷᠢ ①ᠮᠥᠩᠬᠦᠵᠢᠬᠦ — ᠮᠥᠩᠬᠦ ᠲᠠᠢ ᠪᠣᠯᠬᠤ᠃ ②ᠪᠥᠩᠵᠢᠭ — ᠬᠤᠶᠠᠷ ᠱᠠᠭ᠎ᠠ | ᠣᠷᠬᠢᠬᠤ ᠶᠢ ᠪᠥᠩᠵᠢᠭ ᠭᠡᠳᠡᠭ᠃ ③ᠵᠠᠩᠭᠠᠵᠤ — ᠡᠷᠡᠭᠡᠯᠵᠡᠵᠤ ᠲᠠᠲᠠᠭᠠᠯᠵᠠᠵᠤ᠃ ④ᠬᠥᠨᠳᠡᠬᠦ — | ᠢᠵᠢᠯ ᠬᠤᠶᠡᠷ ᠱᠠᠭ᠎ᠠ ᠶᠢ ᠨᠢᠰᠠᠯᠬᠤ ᠭᠡᠵᠤ ᠪᠠᠶᠢᠭᠠᠳ ᠬᠠᠵᠠᠭᠤ ᠳᠤᠨᠢ ᠪᠠᠶᠢᠭᠰᠠᠨ ᠥᠭᠡᠷ᠎ᠡ ᠨᠢᠭᠡ ᠱᠠᠭ᠎ᠠ ᠳᠤ | ᠰᠠᠨᠠᠮᠰᠠᠷ ᠦᠭᠡᠢ ᠭᠠᠷ ᠬᠦᠷᠬᠦ᠃ ⑤ ᠬᠥᠨᠳᠡᠭᠡ — ᠬᠤᠶᠠᠷ ᠪᠤᠶᠤ ᠬᠤᠶᠠᠷ ᠠᠴᠠ ᠳᠡᠭᠡᠭᠰᠢ ᠱᠠᠭ᠎ᠠ ᠨᠢᠭᠡ | ᠳᠤᠤᠷ᠎ᠠ ᠨᠠᠭᠠᠯᠳᠤᠵᠤ ᠣᠪᠤᠭᠠᠷᠠᠭᠰᠠᠨ ᠢ ᠬᠡᠯᠡᠨ᠎ᠡ᠃ |