ᠠᠩᠭ᠍ᠯᠢ ᠶᠢᠨ ᠳᠡᠷᠢᠭᠦᠨ ᠰᠠᠶᠢᠳ ᠰᠠᠴᠢᠧᠠᠷ ᠬᠠᠳᠤᠭᠳᠠᠢ ᠠᠴᠠ ᠡᠮᠦᠨ᠎ᠡ᠂ ᠳᠡᠭᠡᠷ᠎ᠡ ᠵᠠᠭᠤᠨ ᠤ ᠵᠢᠷᠠᠭᠠᠳ | ᠤᠨ ᠤ ᠦᠶ᠎ᠡ ᠪᠠᠷ᠂ ᠪᠠᠰᠠ ᠨᠢᠭᠡᠨ ᠡᠮᠡᠭᠳᠡᠢ ᠤᠯᠠᠨ ᠤᠯᠤᠰ ᠤᠨ ᠤᠯᠤᠰ ᠲᠦᠷᠦ ᠶᠢᠨ ᠳᠠᠪᠴᠠᠩ ᠳᠡᠭᠡᠷ᠎ᠡ ᠨᠡᠷ᠎ᠡ | ᠨᠦᠯᠦᠭᠡ ᠶᠡᠬᠡᠳᠡᠢ ᠪᠠᠶᠢᠵᠤ᠂ ᠡᠪᠡᠯᠷᠡᠬᠦ ᠦᠭᠡᠢ ᠪᠠᠶᠢᠬᠤ ᠬᠠᠳᠠᠭᠤ ᠰᠢᠷᠦᠭᠦᠨ ᠬᠡᠪ ᠨᠠᠮᠪᠠ᠂ ᠬᠦᠴᠦᠷᠬᠡᠭ ᠶᠡᠭᠡ ᠤᠪᠤᠷ | ᠲᠦᠷᠢ ᠪᠠᠷ ᠳᠡᠯᠡᠭᠡᠢ ᠶᠢᠨ ᠤᠯᠤᠰ ᠲᠦᠷᠦ ᠶᠢᠨ ᠳᠠᠪᠴᠠᠩ ᠤᠨ ︽ᠳᠡᠮᠦᠷ ᠡᠮᠡᠭᠳᠡᠢ︾ ᠭᠡᠮᠡᠭᠳᠡᠵᠤ᠂ ᠭᠠᠷ | ᠳᠡᠩᠴᠡᠭᠰᠡᠳ ᠤᠨ ᠢᠶᠠᠨ ᠬᠦᠨᠳᠦᠳᠬᠡᠯ ᠢ ᠤᠯᠵᠤ ᠪᠠᠶᠢᠵᠠᠢ᠃ ᠳᠡᠷᠡ ᠪᠤᠯ ᠳᠠᠷᠤᠢ ᠢᠰᠷᠧᠯ ᠤᠨ ᠶᠡᠷᠦᠩᠭᠡᠢ ᠰᠠᠶᠢᠳ | ᠭᠤᠯᠧᠳᠠ • ᠮᠧᠢᠢᠷ᠂ ᠨᠡᠷᠡᠳᠡᠢ ᠮᠧᠢᠢᠷ ᠬᠠᠳᠤᠭᠳᠠᠢ ᠪᠤᠯᠠᠢ᠃ | ᠭᠤᠯᠧᠳᠠ • ᠮᠧᠢᠢᠷ᠂ ᠢᠪᠷᠡᠢ ᠤᠳᠤᠮ ᠲᠠᠢ ᠳᠡᠷᠡᠪᠡᠷ 1898 ᠊᠊᠊᠊ 1978 ᠤᠨ ᠤ ᠬᠤᠭᠤᠷᠤᠨᠳᠤ | ᠠᠮᠢᠳᠤᠷᠠᠵᠤ ᠪᠠᠶᠢᠭᠰᠠᠨ ᠪᠦᠭᠡᠳ ᠬᠦᠮᠦᠰ ᠤᠨ ᠳᠤᠮᠳᠠ ᠮᠧᠢᠢᠷ ᠬᠠᠳᠤᠭᠳᠠᠢ ᠬᠡᠮᠡᠨ ᠠᠯᠳᠠᠷᠰᠢᠵᠠᠢ᠃ ᠢᠰᠷᠧᠯ | ᠤᠯᠤᠰ ᠢ ᠪᠠᠶᠢᠭᠤᠯᠬᠤ ᠳᠤ ᠬᠦᠴᠦᠨ ᠵᠢᠳᠬᠦᠯ ᠭᠠᠷᠭᠠᠭᠰᠠᠳ ᠤᠨ ᠨᠢᠭᠡ᠂ ᠢᠰᠷᠧᠯ ᠤᠨ ᠬᠦᠳᠡᠯᠮᠦᠷᠢᠴᠢᠨ | ᠠᠵᠢᠯᠴᠢᠨ ᠤ ᠳᠠᠷᠤᠭ᠎ᠠ᠂ ᠢᠰᠷᠧᠯ ᠤᠨ ᠲᠦᠷᠪᠡᠳᠦᠭᠡᠷ ᠦᠶ᠎ᠡ ᠶᠢᠨ ᠶᠡᠷᠦᠩᠭᠡᠢ ᠰᠠᠶᠢᠳ ︵1969 ᠊᠊᠊᠊ 1974︶ | ᠤᠨ ᠳᠤᠰᠢᠶᠠᠯ ᠢ ᠬᠠᠷᠢᠭᠤᠴᠠᠵᠤ ᠪᠠᠶᠢᠵᠠᠢ᠃ ᠳᠡᠭᠦᠨ ᠢ ︽ᠳᠡᠮᠦᠷ ᠡᠮᠡᠭᠳᠡᠢ︾᠂ ︽ᠰᠠᠶᠢᠳ ᠨᠠᠷ ᠤᠨ ᠵᠦᠪᠯᠡᠯ ᠤᠨ | ᠳᠤᠳᠤᠷᠠᠬᠢ ᠬᠠᠮᠤᠭ ᠤᠨ ᠰᠠᠶᠢᠨ ᠬᠦᠮᠦᠨ︾ ᠵᠡᠷᠭᠡ ᠪᠠᠷ ᠮᠠᠭᠳᠠᠳᠠᠭ᠃ ᠮᠧᠢᠢᠷ ᠬᠠᠳᠤᠭᠳᠠᠢ ᠪᠤᠯ ᠢᠰᠷᠧᠯ ᠤᠨ | ᠬᠠᠮᠤᠭ ᠠᠩᠬᠠᠨ ᠤ ᠡᠮᠡᠭᠳᠡᠢ ᠶᠡᠷᠦᠩᠭᠡᠢ ᠰᠠᠶᠢᠳ᠂ ᠳᠡᠯᠡᠭᠡᠢ ᠶᠢᠨ ᠭᠤᠷᠪᠠᠳᠤᠭᠠᠷ ᠡᠮᠡᠭᠳᠡᠢ ᠶᠡᠷᠦᠩᠬᠡᠢ ᠰᠠᠶᠢᠳ ᠠᠵᠢ᠃ | ᠮᠧᠢᠢᠷ ᠬᠠᠳᠤᠭᠳᠠᠢ ᠳᠡᠯᠡᠭᠡᠢ ᠶᠢᠨ ᠬᠤᠶᠠᠳᠤᠭᠠᠷ ᠳᠠᠶᠢᠨ ᠤ ᠦᠶ᠎ᠡ ᠳᠤ ᠠᠩᠭ᠍ᠯᠢ ᠶᠢᠨ ᠵᠠᠰᠠᠭ ᠤᠨ ᠭᠠᠵᠠᠷ ᠲᠠᠢ | ᠬᠡᠯᠡᠯᠴᠡᠭᠡᠷ ᠬᠢᠵᠤ᠂ ᠢᠪᠷᠡᠢ ᠤᠯᠤᠰ ᠢᠶᠠᠨ ᠰᠡᠷᠬᠦᠬᠡᠬᠦ ᠦᠢᠯᠡ ᠠᠵᠢᠯᠯᠠᠭ᠎ᠠ ᠶᠢᠨ ᠬᠠᠮᠤᠭ ᠤᠨ ᠬᠦᠴᠦᠳᠡᠢ | ᠦᠬᠦᠯᠡᠭᠴᠢ ᠪᠤᠯᠵᠠᠢ᠃ 1946 ᠤᠨ ᠳᠤ ᠠᠩᠭ᠍ᠯᠢ ᠢᠪᠷᠡᠢ ᠤᠯᠤᠰ ᠤᠨ ᠲᠦᠷᠦ ᠶᠢᠨ ᠡᠷᠭᠡ ᠶᠢ ᠤᠷᠤᠯᠠᠨ | ᠬᠦᠢᠴᠡᠳᠬᠡᠬᠦ ᠭᠠᠵᠠᠷ ᠤᠨ ᠡᠷᠬᠢᠯᠡᠭᠴᠢ ᠶᠢᠨ ᠳᠤᠰᠢᠶᠠᠯ ᠢ ᠬᠠᠷᠢᠭᠤᠴᠠᠵᠤ ᠪᠠᠶᠢᠭᠰᠠᠨ ᠮᠢᠱᠧ • ᠱᠠᠷᠧᠢ ᠶᠢ | ᠪᠠᠭᠳᠠᠭᠠᠭᠰᠠᠨ ᠮᠠᠰᠢ ᠤᠯᠠᠨ ᠢᠪᠷᠡᠶᠢᠴᠤᠳ ᠢ ᠪᠠᠷᠢᠪᠴᠢᠯᠠᠵᠠᠢ᠃ ᠮᠧᠢᠢᠷ ᠬᠠᠳᠤᠭᠳᠠᠢ ᠤᠯᠤᠰ ᠲᠦᠷᠦ ᠶᠢᠨ | ᠬᠡᠯᠳᠡᠰ ᠤᠨ ᠤᠷᠤᠯᠠᠭᠴᠢ ᠡᠷᠬᠢᠯᠡᠭᠴᠢ ᠶᠢᠨ ᠳᠤᠰᠢᠶᠠᠯ ᠢ ᠬᠠᠷᠢᠭᠤᠴᠠᠵᠤ᠂ ᠪᠠᠷᠢᠪᠴᠢᠯᠠᠭᠳᠠᠭᠰᠠᠨ ᠨᠦᠬᠦᠳ ᠪᠤᠯᠤᠨ | ᠮᠠᠰᠢ ᠤᠯᠠᠨ ᠢᠪᠷᠡᠢ ᠬᠦᠮᠦᠰ ᠢ ᠰᠤᠯᠠᠯᠠᠭᠤᠯᠬᠤ ᠶᠢᠨ ᠲᠦᠯᠦᠭᠡ ᠬᠡᠯᠡᠯᠴᠡᠭᠡᠷ ᠬᠢᠵᠡᠢ᠃ ᠱᠠᠷᠧᠢ ᠰᠤᠯᠠᠯᠠᠭᠳᠠᠭᠰᠠᠨ ᠤ | ᠳᠠᠷᠠᠭ᠎ᠠ ᠭᠠᠳᠠᠭᠠᠳᠤ ᠬᠠᠷᠢᠯᠴᠠᠭᠠᠨ ᠤ ᠬᠡᠯᠳᠡᠰ ᠤᠨ ᠳᠠᠷᠤᠭ᠎ᠠ ᠶᠢᠨ ᠳᠤᠰᠢᠶᠠᠯ ᠢ ᠬᠠᠷᠢᠭᠤᠴᠠᠵᠤ᠂ ᠮᠧᠢᠢᠷ ᠬᠠᠳᠤᠭᠳᠠᠢ | ᠤᠷᠤᠯᠠᠨ ᠬᠦᠢᠴᠡᠳᠬᠡᠬᠦ ᠭᠠᠵᠠᠷ ᠤᠨ ᠤᠯᠤᠰ ᠲᠦᠷᠦ ᠶᠢᠨ ᠬᠡᠯᠳᠡᠰ ᠤᠨ ᠡᠷᠬᠢᠯᠡᠭᠴᠢ ᠪᠤᠯᠵᠠᠢ᠃ ᠮᠧᠢᠢᠷ ᠬᠠᠳᠤᠭᠳᠠᠢ | ᠦᠪᠡᠷ ᠤᠨ ᠪᠡᠶ᠎ᠡ ᠪᠠᠷ ᠶᠤᠷᠳᠠᠨ ᠳᠤ ᠤᠴᠢᠵᠤ ᠤᠯᠤᠰ ᠤᠨ ᠸᠠᠩ ᠲᠠᠢ ᠨᠢ ᠠᠭᠤᠯᠵᠠᠵᠤ᠂ ᠪᠤᠰᠤᠳ ᠠᠷᠠᠪ ᠤᠨ | ᠤᠯᠤᠰ ᠤᠳ ᠤᠨ ᠢᠰᠷᠧᠯ ᠢ ᠲᠦᠷᠢᠮᠡᠭᠡᠶᠢᠯᠡᠬᠦ ᠳᠠᠶᠢᠨ ᠳᠤ ᠤᠷᠤᠯᠴᠠᠬᠤ ᠦᠭᠡᠢ ᠪᠠᠶᠢᠬᠤ ᠶᠢ ᠢᠳᠬᠠᠵᠠᠢ᠃ | | 1948 ᠤᠨ ᠤ 5 ᠰᠠᠷ᠎ᠠ ᠶᠢᠨ 14 ᠳᠤ᠂ ᠮᠧᠢᠢᠷ ᠬᠠᠳᠤᠭᠳᠠᠢ ᠢᠰᠷᠧᠯ ᠤᠨ ᠳᠤᠰᠠᠭᠠᠷ ᠳᠤᠭᠳᠠᠨᠢᠯ ᠤᠨ | ᠳᠤᠩᠬᠠᠭ ᠲᠤ ᠭᠠᠷ ᠤᠨ ᠦᠰᠦᠭ ᠵᠢᠷᠤᠬᠤ ᠳᠤ ᠤᠷᠤᠯᠴᠠᠪᠠ᠃ ᠮᠧᠢᠢᠷ ᠬᠠᠳᠤᠭᠳᠠᠢ 1949 ᠊᠊᠊᠊ 1974 ᠤᠨ | ᠬᠦᠷᠳᠡᠯ᠎ᠡ ᠢᠰᠷᠧᠯ ᠤᠨ ᠤᠯᠤᠰ ᠤᠨ ᠬᠤᠷᠠᠯ ᠤᠨ ᠬᠡᠰᠢᠭᠦᠨ ᠪᠠᠶᠢᠵᠤ᠂ 1949 ᠊᠊᠊᠊ 1956 ᠤᠨ ᠤ | ᠬᠤᠭᠤᠷᠤᠨᠳᠤ ᠢᠰᠷᠧᠯ ᠤᠨ ᠬᠦᠳᠡᠯᠮᠦᠷᠢᠴᠢᠨ ᠠᠵᠢᠯᠴᠢᠨ ᠤ ᠬᠡᠯᠳᠡᠰ ᠤᠨ ᠳᠠᠷᠤᠭ᠎ᠠ ᠪᠠᠷ ᠠᠵᠢᠯᠯᠠᠵᠤ᠂ ᠤᠷᠤᠨ | ᠰᠠᠭᠤᠴᠠ ᠬᠢᠭᠡᠳ ᠵᠠᠮ ᠳᠡᠭᠡᠭᠡᠪᠦᠷᠢ ᠶᠢᠨ ᠪᠦᠳᠦᠭᠡᠨ ᠪᠠᠶᠢᠭᠤᠯᠤᠯᠳᠠ ᠶᠢ ᠡᠷᠴᠢᠮ ᠲᠠᠢ ᠬᠦᠭᠵᠢᠭᠦᠯᠵᠤ᠂ ᠢᠪᠷᠡᠢ | ᠴᠢᠰᠦ ᠲᠠᠢ ᠬᠦᠮᠦᠰ ᠢᠰᠷᠧᠯ ᠤᠨ ᠬᠢᠯᠢ ᠳᠤ ᠢᠷᠡᠵᠤ ᠰᠠᠭᠤᠷᠢᠰᠢᠬᠤ ᠶᠢ ᠬᠢᠵᠠᠭᠠᠷᠯᠠᠬᠤ ᠦᠭᠡᠢ ᠲᠦᠷᠦ ᠶᠢᠨ | ᠪᠤᠳᠤᠯᠭ᠎ᠠ ᠶᠢ ᠬᠡᠷᠡᠭᠵᠢᠭᠦᠯᠪᠡ᠃ 1956 ᠤᠨ ᠳᠤ ᠮᠸᠢᠢᠷ ᠬᠠᠳᠤᠭᠳᠠᠢ ᠢᠰᠷᠧᠯ ᠤᠨ ᠭᠠᠳᠠᠭᠠᠳᠤ ᠬᠠᠷᠢᠯᠴᠠᠭᠠᠨ ᠤ | ᠬᠡᠯᠳᠡᠰ ᠤᠨ ᠳᠠᠷᠤᠭ᠎ᠠ ᠶᠢᠨ ᠳᠤᠰᠢᠶᠠᠯ ᠳᠤ ᠳᠠᠪᠰᠢᠵᠤ᠂ ᠰᠢᠨ᠎ᠡ ᠪᠠᠷ ᠳᠤᠰᠠᠭᠠᠷ ᠳᠤᠭᠳᠠᠨᠢᠭᠰᠠᠨ ᠠᠹᠷᠢᠺᠠ ᠶᠢᠨ | ᠤᠯᠤᠰ ᠢ ᠳᠡᠮᠵᠢᠬᠦ ᠪᠤᠳᠤᠯᠭ᠎ᠠ ᠬᠡᠷᠡᠭᠵᠢᠭᠦᠯᠵᠤ᠂ ᠤᠯᠠᠮ ᠢᠶᠠᠷ ᠠᠹᠷᠢᠺᠠ ᠶᠢᠨ ᠤᠷᠤᠨ ᠤ ᠢᠰᠷᠧᠯ ᠯᠤᠭ᠎ᠠ ᠶᠢᠨ | ᠭᠠᠳᠠᠭᠠᠳᠤ ᠬᠠᠷᠢᠯᠴᠠᠭ᠎ᠠ ᠶᠢ ᠰᠠᠶᠢᠵᠢᠷᠠᠭᠤᠯᠵᠠᠢ᠃ 1966 ᠤᠨ ᠤ 1 ᠰᠠᠷ᠎ᠠ ᠳᠤ ᠲᠠᠷᠠ ᠭᠠᠳᠠᠭᠠᠳᠤ | ᠬᠠᠷᠢᠯᠴᠠᠭᠠᠨ ᠤ ᠬᠡᠯᠳᠡᠰ ᠠᠴᠠ ᠰᠠᠯᠵᠤ᠂ ᠢᠰᠷᠧᠯ ᠤᠨ ᠠᠵᠢᠯᠴᠢᠨ ᠤ ᠨᠠᠮ ᠤᠨ ᠶᠡᠷᠦᠩᠭᠡᠢ ᠱᠦᠵᠢ ᠶᠢᠨ ᠳᠤᠰᠢᠶᠠᠯ ᠢ | ᠬᠠᠷᠢᠭᠤᠴᠠᠵᠠᠢ᠃ 1967 ᠤᠨ ᠤ ᠵᠢᠷᠭᠤᠭᠠᠨ ᠰᠠᠷ᠎ᠠ ᠳᠤ ᠢᠰᠷᠧᠯ ᠠᠷᠠᠪ ᠳᠠᠶᠢᠨ ᠢᠯᠠᠯᠳᠠ ᠤᠯᠤᠭᠰᠠᠨ ᠤ | ᠳᠠᠷᠠᠭ᠎ᠠ ᠮᠧᠢᠢᠷ ᠬᠠᠳᠤᠭᠳᠠᠢ ᠢᠰᠷᠧᠯ ᠤᠨ ᠠᠵᠢᠯᠴᠢᠨ ᠤ ᠨᠠᠮ ᠪᠤᠯᠤᠨ ᠪᠤᠰᠤᠳ ᠬᠤᠶᠠᠷ ᠨᠠᠮ ᠢ ᠨᠢᠭᠡᠳᠬᠡᠵᠤ᠂ | ᠢᠰᠷᠧᠯ ᠤᠨ ᠠᠵᠢᠯᠴᠢᠨ ᠤ ᠨᠠᠮ ᠬᠡᠮᠡᠨ ᠨᠡᠷᠡᠯᠡᠵᠡᠢ᠃ ᠮᠸᠢᠢᠷ ᠬᠠᠳᠤᠭᠳᠠᠢ 1969 ᠤᠨ ᠳᠤ ᠢᠰᠷᠧᠯ ᠤᠨ | ᠶᠡᠷᠦᠩᠭᠡᠢ ᠰᠠᠶᠢᠳ ᠤᠨ ᠳᠤᠰᠢᠶᠠᠯ ᠳᠤ ᠳᠠᠪᠰᠢᠵᠤ᠂ ᠤᠯᠠᠨ ᠨᠠᠮ ᠬᠤᠯᠪᠤᠭᠠᠯᠠᠭᠰᠠᠨ ᠵᠠᠰᠠᠭ ᠤᠨ ᠤᠷᠳᠤᠨ ᠢ | ᠦᠷᠬᠦᠯᠵᠢᠯᠡᠨ ᠪᠠᠳᠤᠯᠠᠪᠠ᠃ ᠳᠡᠷᠡᠪᠡᠷ ᠭᠠᠳᠠᠭᠠᠳᠤ ᠬᠠᠷᠢᠯᠴᠠᠭ᠎ᠠ ᠪᠠᠷ ᠳᠤᠮᠳᠠᠳᠤ ᠳᠤᠷᠤᠨᠠᠳᠤ ᠶᠢᠨ ᠠᠰᠠᠭᠤᠳᠠᠯ ᠢ | ᠨᠠᠶᠢᠷᠠᠮᠳᠠᠯ ᠢᠶᠠᠷ ᠰᠢᠢᠳᠪᠦᠷᠢᠯᠡᠬᠦ ᠬᠡᠮᠡᠨ ᠴᠢᠷᠮᠠᠶᠢᠨ ᠠᠵᠢᠯᠯᠠᠵᠤ᠂ ᠤᠯᠠᠨ ᠤᠯᠤᠰ ᠤᠨ ᠳᠡᠷᠢᠬᠦᠨ ᠲᠠᠢ ᠵᠦᠪᠳᠡᠯᠴᠡᠭᠡᠷ | ᠬᠢᠭᠰᠡᠨ ᠪᠠᠶᠢᠨ᠎ᠠ᠃ 1973 ᠤᠨ ᠤ 10 ᠰᠠᠷ᠎ᠠ ᠳᠤ ᠲᠦᠷᠪᠡᠳᠦᠭᠡᠷ ᠤᠳᠠᠭᠠᠨ ᠤ ᠠᠷᠠᠪ ᠢᠰᠷᠧᠯ ᠤᠨ ᠳᠠᠶᠢᠨ | ᠡᠭᠦᠰᠴᠦ᠂ ᠳᠠᠶᠢᠨ ᠤ ᠪᠡᠯᠡᠳᠬᠡᠯ ᠳᠤᠳᠠᠮᠠᠭ ᠪᠠᠶᠢᠭᠰᠠᠨ ᠢᠰᠷᠧᠯ ᠢ ᠬᠦᠴᠢᠷᠳᠠᠯ ᠳᠤ ᠤᠷᠤᠭᠤᠯᠵᠠᠢ᠃ ᠠᠷᠠᠪ | ᠢᠰᠷᠧᠯ ᠤᠨ ᠳᠠᠶᠢᠨ 1948 ᠤᠨ ᠠᠴᠠ 1973 ᠤᠨ ᠤ ᠬᠤᠭᠤᠷᠤᠨᠳᠤ ᠲᠦᠷᠪᠡ ᠤᠳᠠᠭ᠎ᠠ ᠡᠭᠦᠰᠴᠡᠢ᠃ ᠤᠯᠠᠨ | ᠵᠢᠯ ᠦᠷᠬᠦᠯᠵᠢᠯᠡᠭᠰᠡᠨ ᠡᠨᠡᠬᠦ ᠳᠠᠶᠢᠨ ᠮᠠᠰᠢ ᠤᠯᠠᠨ ᠬᠦᠮᠦᠰ ᠤᠨ ᠠᠮᠢ ᠨᠠᠰᠤ ᠶᠢ ᠵᠠᠯᠬᠢᠵᠠᠢ᠃ ᠮᠧᠢᠢᠷ ᠬᠠᠳᠤᠭᠳᠠᠢ᠄ | ︽ᠵᠦᠪᠬᠡᠨ ᠠᠷᠠᠪᠴᠤᠳ ᠤᠨ ᠬᠡᠦᠭᠡᠳ ᠢ ᠬᠠᠶᠢᠷᠠᠯᠠᠬᠤ ᠰᠡᠳᠬᠢᠯᠭᠡ ᠪᠠᠨ ᠢᠯᠠᠬᠤ ᠴᠠᠭ ᠲᠤ ᠯᠡ ᠳᠤᠮᠳᠠᠳᠤ | ᠳᠤᠷᠤᠨᠠᠳᠤ ᠵᠢᠩᠭᠢᠨᠢ ᠠᠮᠤᠷ ᠳᠠᠶᠢᠪᠤᠡᠭ ᠪᠤᠯᠤᠨ᠎ᠠ︾ ᠭᠡᠵᠡᠢ᠃ 1974 ᠤᠨ ᠤ 3 ᠰᠠᠷ᠎ᠠ ᠳᠤ ᠮᠧᠢᠢᠷ ᠬᠠᠳᠤᠭᠳᠠᠢ | ᠰᠢᠨ᠎ᠡ ᠨᠢᠭᠡᠨ ᠬᠤᠯᠪᠤᠭᠠᠯᠠᠭᠰᠠᠨ ᠵᠠᠰᠠᠭ ᠤᠨ ᠤᠷᠳᠤᠨ ᠢ ᠪᠠᠶᠢᠭᠤᠯᠵᠤ᠂ ᠪᠠᠶᠢᠳᠠᠯ ᠢ ᠠᠷᠭᠠᠴᠠᠭᠠᠵᠤ ᠪᠠᠶᠢᠭᠰᠠᠨ ᠴᠦ | ᠮᠦᠨ ᠤᠨ ᠤ 4 ᠰᠠᠷ᠎ᠠ ᠶᠢᠨ 10 ᠳᠤ ᠶᠡᠷᠦᠩᠭᠡᠢ ᠰᠠᠶᠢᠳ ᠤᠨ ᠳᠤᠰᠢᠶᠠᠯ ᠢᠶᠠᠨ ᠬᠠᠶᠠᠵᠡᠢ᠃ ᠬᠡᠳᠦ᠋ᠢᠪᠡᠷ ᠶᠡᠷᠦᠩᠬᠡᠢ | ᠰᠠᠶᠢᠳ ᠤᠨ ᠳᠤᠰᠢᠶᠠᠯ ᠢᠶᠠᠨ ᠬᠠᠶᠠᠭᠰᠠᠨ ᠴᠦ ᠮᠧᠢᠢᠷ ᠬᠠᠳᠤᠭᠳᠠᠢ ᠳᠤᠬᠠᠢ ᠶᠢᠨ ᠦᠶ᠎ᠡ ᠶᠢᠨ ᠤᠯᠤᠰ ᠲᠦᠷᠦ ᠳᠤ | ᠮᠠᠰᠢ ᠶᠡᠭᠡ ᠨᠡᠷ᠎ᠡ ᠨᠦᠯᠦᠭᠡ ᠲᠠᠢ ᠬᠡᠪ ᠢᠶᠠᠷ ᠢᠶᠠᠨ ᠪᠠᠶᠢᠵᠠᠢ᠃ ᠳᠡᠭᠦᠨ ᠢ ᠨᠠᠰᠤ ᠪᠠᠷᠠᠭᠰᠠᠨ ᠤ ᠳᠠᠷᠠᠭ᠎ᠠ ᠬᠦᠮᠦᠰ ᠰᠠᠶ᠋ᠢ | ᠴᠢᠰᠦ ᠴᠠᠶᠢᠬᠤ ᠡᠪᠡᠳᠴᠢᠨ ᠳᠤ ᠨᠡᠷᠪᠡᠭᠳᠡᠭᠡᠳ 12 ᠵᠢᠯ ᠪᠤᠯᠤᠭᠰᠠᠨ ᠬᠡᠳᠡᠭ ᠢ ᠨᠢ ᠮᠡᠳᠡᠵᠡᠢ᠃ | ᠮᠸᠢᠢᠷ ᠬᠠᠳᠤᠭᠳᠠᠢ᠄ ︽ᠳᠡᠯᠡᠭᠡᠢ ᠨᠢᠭᠡᠨᠳᠡ ᠢᠪᠷᠡᠶᠢᠴᠤᠳ ᠢ ᠤᠷᠬᠢᠭᠰᠠᠨ ᠪᠠᠶᠢᠬᠤ ᠳᠤ᠂ ᠢᠪᠷᠡᠶᠢᠴᠤᠳ | ᠪᠠᠰᠠ ᠳᠡᠯᠡᠭᠡᠢ ᠶᠢ ᠤᠮᠳᠤᠭᠠᠢᠢᠯᠠᠵᠤ ᠪᠤᠯᠤᠨ᠎ᠠ︾ ᠬᠡᠮᠡᠨ ᠬᠠᠳᠠᠭᠤᠬᠠᠨ ᠶᠠᠷᠢᠭᠰᠠᠨ ᠪᠦᠭᠡᠳ ᠨᠢᠭᠡ ᠨᠠᠰᠤ ᠪᠠᠷ ᠢᠶᠠᠨ | ᠢᠪᠷᠡᠶᠢᠴᠤᠳ ᠤᠨ ᠳᠤᠰᠠᠭᠠᠷ ᠳᠤᠭᠳᠠᠨᠢᠯ ᠤᠨ ᠲᠦᠯᠦᠭᠡ ᠳᠡᠮᠡᠴᠡᠵᠤ᠂ ︽ᠢᠪᠷᠡᠢ ᠶᠢᠨ ᠳᠡᠦᠭᠡ ᠬᠢᠭᠡᠳ | ᠳᠡᠯᠡᠭᠡᠢ ᠶᠢᠨ ᠳᠡᠦᠭᠡᠨ ᠳᠡᠭᠡᠷᠡᠬᠢ ᠬᠠᠮᠤᠭ ᠤᠨ ᠠᠭᠤᠤ ᠡᠮᠡᠭᠳᠡᠢ︾ ᠬᠡᠮᠡᠨ ᠦᠨᠡᠯᠡᠭᠳᠡᠵᠡᠢ᠃ ︵ᠲᠦᠩᠯᠢᠶᠤᠤ | ᠮᠤᠩᠭᠤᠯ ᠰᠦᠯᠵᠢᠶ᠎ᠡ︶ |