2 ᠰᠠᠷ᠎ᠠ ᠶᠢᠨ 19 ᠤ ᠡᠳᠦᠷ᠂ ᠥᠪᠥᠷ ᠮᠤᠩᠭᠤᠯ ᠤᠨ ᠨᠤᠮ ᠤᠨ ᠰᠠᠩ ᠳᠤ ᠬᠦᠷᠬᠦ ᠳᠤ ︽ᠦᠰᠬᠦ ᠠᠴᠠ | ᠰᠤᠷᠤᠭᠰᠠᠨ ᠦᠨᠳᠦᠰᠦᠨ ᠬᠡᠯᠡ ᠮᠠᠷᠳᠠᠵᠤ ᠪᠤᠯᠤᠰᠢ ᠦᠭᠡᠢ ᠰᠤᠶᠤᠯ︾ ᠭᠡᠵᠤ ᠬᠠᠩᠭᠢᠨᠠᠨ ᠴᠤᠤᠷᠢᠶᠠᠳᠤᠵᠤ᠂ | ᠪᠦᠬᠦ ᠬᠦᠮᠦᠰ ᠮᠤᠩᠭᠤᠯ ᠳᠡᠪᠡᠯ ᠢᠶᠠᠷ ᠢᠶᠠᠨ ᠭᠤᠶᠤᠵᠠᠢ᠃ ᠲᠡᠳᠡᠨ ᠤ ᠵᠤᠷᠢᠯᠭ᠎ᠠ — ᠡᠬᠡ ᠬᠡᠯᠡᠨ ᠤ ᠪᠠᠨ | ᠲᠦᠯᠦᠭᠡ᠃ | ᠦᠰᠪᠦᠷᠢ ᠶᠢᠨ ᠪᠠᠭᠠᠴᠤᠳ᠂ ᠦᠭᠡᠯᠠᠢ ᠲᠤᠮᠤᠴᠤᠤᠯ ᠦᠪᠦᠷ ᠮᠤᠩᠭᠤᠯ ᠤᠨ ᠨᠤᠮ ᠤᠨ ᠰᠠᠩ ᠤᠨ | ᠠᠷᠪᠠᠨ ᠨᠠᠢᠮᠠᠳᠤᠭᠠᠷ ᠬᠤᠭᠤᠴᠠᠭᠠᠨ ᠤ ︽ᠳᠡᠯᠡᠬᠡᠢ ᠶᠢᠨ ᠡᠬᠡ ᠬᠡᠯᠡᠨ ᠤ ᠡᠳᠦᠷ︾ ᠢ ᠳᠤᠷᠠᠰᠬᠠᠨ ᠳᠡᠮᠳᠡᠭᠯᠡᠬᠦ | ︽ᠮᠤᠩᠭᠤᠯ ᠦᠭᠡ ᠪᠠᠨ ᠤᠷᠤᠰᠤᠮ᠎ᠠ ᠶᠠᠷᠢᠨ᠂ ᠮᠤᠩᠭᠤᠯ ᠦᠰᠦᠭ ᠢᠶᠠᠨ ᠤᠷᠠᠯᠢᠭ ᠪᠢᠴᠢᠵᠤ᠂ ᠡᠬᠡ ᠬᠡᠯᠡ ᠪᠠᠨ | ᠳᠡᠭᠡᠳᠦᠯᠡᠶ᠎ᠡ︾ ᠭᠡᠬᠦ ᠭᠤᠤᠯ ᠰᠡᠳᠦᠪᠳᠦ ᠠᠵᠢᠯᠯᠠᠭ᠎ᠠ ᠶᠢ ᠵᠤᠷᠢᠨ ᠨᠢᠭᠡ ᠳᠤᠤᠷ᠎ᠠ ᠴᠤᠭᠯᠠᠷᠠᠨ ᠢᠷᠡᠭᠰᠡᠨ ᠨᠢ ᠡᠨᠡ | ᠪᠠᠶᠢᠵᠠᠢ᠃ ᠲᠤᠰ ᠠᠵᠢᠯᠯᠠᠭ᠎ᠠ ᠳᠤ ᠦᠪᠦᠷ ᠮᠤᠩᠭᠤᠯ ᠤᠨ ᠨᠤᠮ ᠤᠨ ᠰᠠᠩ ᠤᠨ ᠮᠤᠩᠭᠤᠯ ᠤᠷᠠᠨ ᠪᠢᠴᠢᠯᠭᠡ ᠶᠢᠨ | ᠠᠩᠬᠢ ᠶᠢᠨ ᠬᠢᠴᠢᠶᠡᠯ ᠡᠬᠢᠯᠡᠬᠦ ᠶᠤᠰᠤᠯᠠᠯ ᠪᠤᠯᠤᠨ ︽ᠴᠤᠮᠤᠷᠯᠢᠭ︾ ᠮᠤᠩᠭᠤᠯ ᠬᠡᠯᠡᠨ ᠤ ᠠᠩᠬᠢ ᠶᠢᠨ ᠪᠠᠭ᠎ᠠ | ᠠᠩᠬᠢ ᠶᠢᠨ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠬᠢᠴᠢᠶᠡᠯ ᠡᠬᠢᠯᠡᠯᠳᠡ ᠬᠤᠶᠠᠷ ᠠᠭᠤᠯᠭ᠎ᠠ ᠪᠠᠭᠳᠠᠵᠤ ᠪᠠᠶᠢᠯ᠎ᠠ᠃ | | ᠠᠵᠢᠯᠯᠠᠭ᠎ᠠ ᠳᠤ ᠬᠡᠦᠭᠡᠳ ᠤᠳ ᠰᠢᠨ᠎ᠡ ᠢᠷᠡᠭᠰᠡᠨ ᠤᠷᠠᠨ ᠪᠢᠴᠢᠯᠭᠡ ᠶᠢᠨ ᠪᠠᠭᠰᠢ ᠨᠠᠷ ᠲᠠᠢ ᠪᠠᠨ | ᠳᠠᠨᠢᠯᠴᠠᠵᠤ᠂ ᠪᠠᠭᠰᠢ᠂ ᠭᠡᠷ ᠤᠨ ᠠᠬᠠᠮᠠᠳ ᠪᠤᠯᠤᠨ ᠬᠡᠦᠬᠡᠳ ᠤᠳ ᠮᠤᠩᠭᠤᠯ ᠤᠷᠠᠨ ᠪᠢᠴᠢᠯᠭᠡ ᠰᠤᠷᠬᠤ | ᠲᠤᠬᠠᠢ ᠪᠤᠳᠤᠯ ᠰᠠᠨᠠᠯ ᠢᠶᠠᠨ ᠴᠢᠯᠦᠭᠡᠳᠠᠢ ᠰᠤᠯᠢᠯᠴᠠᠭᠰᠠᠨ ᠤ ᠤᠯᠠᠮ ᠳᠤ ᠤᠷᠠᠨ ᠪᠢᠴᠢᠯᠭᠡ ᠶᠢᠨ ᠠᠩᠬᠢ ᠪᠤᠯᠤᠨ | ︽ᠴᠤᠮᠤᠷᠯᠢᠭ︾ ᠡᠬᠡ ᠬᠡᠯᠡᠨ ᠤ ᠠᠩᠬᠢ ᠶᠢᠨ ᠬᠢᠴᠢᠶᠡᠯ ᠲᠤᠰ ᠲᠤᠰ ᠲᠠᠭᠠᠨ ᠡᠬᠢᠯᠡᠪᠡ᠃ | ︽ᠪᠠᠭᠰᠢ ᠡ︕ ᠪᠢ ᠦᠰᠦᠨ ᠪᠢᠷ ᠦᠭᠡᠢ ᠪᠠᠶᠢᠨ᠎ᠠ︾᠂ ︽ᠪᠠᠭᠰᠢ ᠡ︕ ᠤᠳᠤ ᠪᠢᠴᠢᠵᠤ ᠪᠤᠯᠤᠨ᠎ᠠ ᠤᠤ︖ | ︾᠂ ︽ᠪᠠᠭᠰᠢ ᠡ︕ ᠮᠢᠨᠤ ᠪᠢᠷ ᠪᠠᠷᠢᠵᠤ ᠪᠠᠶᠢᠬᠤ ᠵᠦᠪ ᠤᠤ︖︾᠁ ᠵᠦᠭ ᠵᠦᠭ ᠤᠨ ᠠᠰᠠᠭᠤᠯᠳᠠ ᠠᠴᠠ | ᠮᠤᠩᠭᠤᠯ ᠤᠷᠠᠨ ᠪᠢᠴᠢᠯᠭᠡ ᠶᠢᠨ ᠬᠢᠴᠢᠶᠡᠯ ᠡᠬᠢᠯᠡᠵᠤ᠂ ᠪᠢᠷ ᠪᠠᠷᠢᠬᠤ ᠠᠴᠠ ᠠᠴᠤᠭ ᠰᠢᠯᠪᠢ ᠭᠠᠷᠭᠠᠬᠤ ᠬᠦᠷᠳᠡᠯ᠎ᠡ | ᠪᠠᠭᠰᠢ ᠰᠤᠷᠤᠭᠴᠢ ᠪᠦᠭᠦᠳᠡᠭᠡᠷ ᠠᠩᠬᠠᠷᠤᠯ ᠳᠦᠪᠯᠡᠷᠡᠨ ᠪᠢᠴᠢᠵᠡᠭᠡᠨᠠ᠃ ᠭᠠᠵᠠᠷ ᠳᠡᠭᠷᠢ ᠶᠢᠨ ᠳᠤᠮᠳᠠ | ᠭᠠᠭᠴᠠᠬᠠᠨ ᠪᠤᠰᠤᠭ᠎ᠠ ᠦᠰᠦᠭ ᠤᠨ ᠭᠠᠶᠢᠬᠠᠮᠰᠢᠭ ᠢ ᠬᠠᠷᠠᠭᠤᠯᠤᠭᠰᠠᠨ ᠮᠤᠩᠭᠤᠯ ᠤᠷᠠᠨ ᠪᠢᠴᠢᠯᠭᠡ ᠪᠠᠨ ᠤᠯᠠᠮ | ᠰᠠᠶᠢᠨ ᠢᠶᠠᠷ ᠮᠤᠩᠭᠤᠯ ᠬᠡᠦᠬᠡᠳ ᠲᠤ ᠪᠠᠨ ᠤᠯᠠᠮᠵᠢᠯᠠᠬᠤ ᠶᠢᠨ ᠲᠤᠰᠠᠳᠠ ᠦᠪᠦᠷ ᠮᠤᠩᠭᠤᠯ ᠤᠨ ᠨᠤᠮ ᠤᠨ ᠰᠠᠩ ᠨᠢ | ᠮᠤᠩᠭᠤᠯ ᠤᠷᠠᠨ ᠪᠢᠴᠢᠯᠭᠡ ᠶᠢᠨ ᠠᠩᠬᠢ ᠡᠷᠬᠢᠯᠡᠵᠤ᠂ ᠬᠠᠷᠠᠮᠵᠢ ᠲᠦᠯᠦᠪᠦᠷᠢ ᠦᠭᠡᠢ ᠪᠠᠷ ᠮᠤᠩᠭᠤᠯ | ᠬᠡᠦᠬᠡᠳ ᠤᠳ ᠲᠡᠭᠡᠨ ᠤᠷᠠᠨ ᠪᠢᠴᠢᠯᠭᠡ ᠵᠢᠭᠠᠵᠤ ᠪᠠᠶᠢᠭ᠎ᠠ ᠨᠢ ᠡᠨᠡ ᠪᠢᠯᠡ᠃ ᠪᠢᠷ ᠪᠠᠷᠢᠵᠤ ᠴᠢᠳᠠᠬᠤ ᠦᠭᠡᠢ | ᠪᠠᠶᠢᠭᠰᠠᠨ ᠬᠡᠦᠬᠡᠳ ᠤᠳ ︽ᠠ︾᠂ ︽ᠡ︾ ᠭᠡᠳ ᠲᠤᠷᠠᠶᠢᠳᠠᠯ᠎ᠠ ᠰᠠᠶᠢᠬᠠᠨ ᠪᠢᠴᠢᠬᠦ ᠪᠤᠯᠤᠭᠰᠠᠨ ᠢ ᠬᠠᠷᠠᠭᠠᠳ | ᠪᠠᠶᠠᠷᠯᠠᠵᠤ ᠪᠠᠶᠢᠭ᠎ᠠ ᠪᠤᠤ ᠶᠢᠨ ᠰᠢᠶᠠᠩ ᠪᠠᠭᠰᠢ ᠪᠤᠯ ᠦᠪᠦᠷ ᠮᠤᠩᠭᠤᠯ ᠤᠨ ᠨᠤᠮ ᠤᠨ ᠰᠠᠩ ᠤᠨ ᠮᠤᠩᠭᠤᠯ | ᠨᠤᠮ ᠤᠨ ᠰᠠᠩ ᠤᠨ ᠬᠠᠷᠢᠭᠤᠴᠠᠯᠭᠠᠳᠠᠨ ᠪᠤᠯᠤᠨ᠎ᠠ᠃ ᠲᠡᠭᠦᠨ ᠤ ᠬᠡᠯᠡᠬᠦ ᠪᠠᠷ ᠤᠳᠤ ᠡᠨᠡᠬᠦ ᠠᠩᠬᠢ 32 | ᠰᠤᠷᠤᠭᠴᠢ ᠲᠠᠢ᠃ ᠴᠢᠮᠡᠳ᠂ ᠲᠠᠯ᠎ᠠ᠂ ᠸᠠᠩ ᠭᠦᠢ ᠷᠦᠩ ᠵᠡᠷᠭᠡ ᠶᠢᠨ ᠲᠦᠷᠪᠡᠨ ᠰᠠᠶᠢᠨ ᠲᠤᠷ᠎ᠠ ᠶᠢᠨ ᠪᠠᠭᠰᠢ ᠲᠠᠢ | ᠪᠠᠶᠢᠵᠤ᠂ ᠡᠨᠡ ᠡᠳᠤᠷ ᠵᠢᠩᠬᠢᠨᠢ ᠪᠠᠷ ᠬᠢᠴᠢᠶᠡᠯᠯᠡᠵᠤ᠂ ᠭᠠᠷᠠᠭ ᠪᠤᠯᠭᠠᠨ ᠤ ᠭᠠᠷᠠᠭ ᠤᠨ ᠵᠢᠷᠭᠤᠭᠠᠨ ᠤ ᠦᠳᠡ ᠶᠢᠨ | ᠡᠮᠦᠨ᠎ᠡ ᠬᠢᠴᠢᠶᠠᠯ ᠤᠷᠤᠬᠤ ᠪᠤᠯᠤᠨ᠎ᠠ᠃ ᠤᠷᠠᠨ ᠪᠢᠴᠢᠯᠭᠡ ᠶᠢᠨ ᠠᠩᠬᠢ ᠠᠴᠠ ᠭᠠᠷᠴᠤ ᠢᠷᠡᠭᠡᠳ ᠮᠤᠩᠭᠤᠯ | ᠬᠡᠯᠡᠨ ᠤ ᠠᠩᠬᠢ ᠳᠤ ᠬᠦᠷᠬᠦ ᠳᠤ ᠠᠳᠠᠯᠢᠬᠠᠨ ᠨᠡᠶᠢᠳᠡ ᠶᠢᠨ ᠲᠦᠯᠦᠭᠡᠨ᠎ᠡ ᠵᠢᠳᠭᠦᠵᠤ ᠶᠠᠪᠤᠭ᠎ᠠ ᠰᠠᠶᠢᠨ ᠲᠤᠷ᠎ᠠ ᠶᠢᠨ | ᠪᠠᠭᠰᠢ ᠠᠯᠳᠠᠨᠳᠤᠶᠠᠭ᠎ᠠ ᠶᠠᠭ ᠡᠬᠡ ᠬᠡᠯᠡ ᠮᠢᠨᠢ ᠬᠡᠬᠦ ᠰᠢᠯᠦᠭ ᠵᠢᠭᠠᠵᠤ ᠪᠠᠶᠢᠯ᠎ᠠ᠃ ᠪᠠᠭ᠎ᠠ ᠠᠩᠬᠢ ᠶᠢᠨ ᠵᠢᠭᠠᠯ ᠤᠳ᠄ | ︽ᠠᠪᠤ ᠡᠵᠢ ᠠᠴᠠ ᠰᠤᠶᠤᠷᠬᠠᠭᠰᠠᠨ ᠠᠮᠢᠨ ᠰᠠᠬᠢᠶ᠎ᠠ ᠡᠬᠡ ᠬᠡᠯᠡ ᠮᠢᠨᠢ᠁︾ ᠭᠡᠵᠤ ᠤᠩᠰᠢᠯᠭ᠎ᠠ ᠶᠢᠨ | ᠦᠷᠦᠭᠡ ᠶᠢ ᠡᠷᠭᠦᠭᠡᠳ ᠠᠪᠤᠮᠠᠷ ᠬᠠᠩᠭᠢᠨᠠᠭᠤᠯᠬᠤ ᠳᠤ ᠬᠠᠵᠠᠭᠤ ᠳᠤᠨᠢ ᠰᠠᠭᠤᠭ᠎ᠠ ᠠᠪᠤ ᠡᠵᠢ᠂ ᠬᠠᠷᠠᠭᠠᠳ | ᠪᠠᠶᠠᠰᠬᠤ ᠪᠠᠭᠰᠢ ᠨᠠᠷ ᠨᠢ ᠠᠯᠠᠭ᠎ᠠ ᠳᠠᠰᠢᠨ ᠤᠷᠮ᠎ᠠ ᠨᠠᠮᠡᠨ᠎ᠠ᠃ | ᠡᠬᠡ ᠬᠡᠯᠡ ᠪᠤᠯ ᠡᠨᠡ ᠲᠡᠯᠡᠬᠡᠢ ᠳᠤ ᠰᠤᠨᠤᠰᠤᠬᠰᠠᠨ ᠬᠠᠮᠤᠭ ᠤᠨ ᠠᠩᠬᠠᠨ ᠤ ᠪᠦᠪᠡᠢ ᠶᠢᠨ ᠲᠠᠭᠤᠤ᠂ | ᠡᠬᠡ ᠬᠡᠯᠡ ᠪᠤᠯ ᠡᠷᠳᠡᠮ ᠤᠨ ᠤᠭᠳᠠᠷᠭᠤᠢ ᠳᠤ ᠳᠡᠭᠦᠯᠢᠬᠦ ᠬᠦᠴᠦᠳᠦ ᠳᠠᠯᠠᠪᠴᠢ᠂ ᠡᠬᠡ ᠬᠡᠯᠡ ᠪᠤᠯ ᠡᠨᠡ | ᠬᠤᠷᠸ᠎ᠠ ᠳᠤ ᠦᠪᠡᠷ ᠤᠨ ᠬᠦᠭ ᠠᠶᠠᠰ ᠢᠶᠠᠷ ᠢᠶᠠᠨ ᠡᠭᠡᠰᠢᠭᠯᠡᠬᠦ ᠳᠡᠭᠷᠢᠯᠢᠭ ᠠᠶᠠᠰ᠂ ᠡᠬᠡ ᠬᠡᠯᠡ ᠪᠤᠯ ᠤᠷᠬᠢᠵᠦ | ᠪᠤᠯᠤᠰᠢ ᠦᠭᠡᠢ ᠦᠪ ᠰᠤᠶᠤᠯ ᠮᠦᠨ᠃ ᠡᠶᠢᠮᠦ ᠪᠤᠯᠬᠤᠷ ᠡᠨᠡ ᠡᠳᠦᠷ ᠠᠳᠡ ᠴᠤᠭᠯᠠᠷᠠᠭᠰᠠᠨ ᠬᠦᠮᠤᠨ ᠪᠤᠯᠭᠠᠨ | ᠡᠬᠡ ᠬᠡᠯᠡ ᠪᠠᠨ ᠬᠠᠶᠢᠷᠠᠯᠠᠶ᠎ᠠ᠂ ᠨᠠᠨᠳᠢᠩᠨᠠᠶ᠎ᠠ᠂ ᠡᠬᠡ ᠬᠡᠯᠡ ᠪᠠᠨ ᠤᠯᠠᠮᠵᠢᠯᠠᠵᠤ ᠬᠦᠭᠵᠢᠭᠦᠯᠵᠤ ᠶᠠᠪᠤᠶ᠎ᠠ ᠭᠡᠮᠡᠨ | ᠤᠷᠢᠶᠠᠯᠠᠵᠠᠭᠠᠵᠤ ᠪᠠᠶᠢᠯ᠎ᠠ᠁ |