ᠶᠡᠭᠡ ᠡᠵᠡᠨ ᠴᠢᠩᠬᠢᠰ ᠬᠠᠭᠠᠨ ᠤ ᠮᠡᠨᠳᠦᠯᠡᠭᠰᠡᠨ 853 ᠵᠢᠯ ᠤᠨ ᠤᠢ ᠪᠤᠶᠤ ᠮᠤᠩᠭᠤᠯ ᠪᠠᠭ᠋ᠠᠷᠬᠠᠯ ᠤᠨ | ᠡᠳᠤᠷ᠂ ᠮᠤᠩᠭᠤᠯ ᠤᠯᠤᠰ ᠤᠨ ᠳᠦᠷᠦ ᠶᠢᠨ ᠳᠡᠭᠡᠳᠤ ᠱᠠᠩᠨᠡᠯ ᠪᠤᠯᠬᠤ ︽ᠴᠢᠩᠬᠢᠰ ᠬᠠᠭᠠᠨ︾ ᠤᠳᠤᠨ ᠢ | ᠮᠤᠩᠭᠤᠯ ᠤᠨ ᠪᠠᠭ᠋ᠠᠷᠬᠠᠯᠳᠤ ᠭᠦᠮᠤᠨ ᠭᠤᠮᠪᠤᠵᠠᠪ ᠤᠨ ᠮᠡᠨᠳᠤᠠᠦᠭᠶᠤ ᠳᠤ ᠭᠠᠷᠳᠠᠭᠤᠯᠤᠭᠰᠠᠨ ᠶᠤᠮ᠃ | ᠶᠡᠷᠦᠩᠭᠡᠶᠢᠯᠡᠭᠴᠢ ᠴ᠊ · ᠡᠯᠪᠡᠭᠳᠦᠷᠵᠢ ᠡᠨᠡ ᠱᠠᠩᠨᠡᠯ ᠢ ᠳᠡᠭᠦᠨ ᠳᠤ ᠤᠯᠭᠤᠬᠤ ᠪᠠᠷ ᠰᠢᠢᠳᠪᠤᠷᠢᠯᠡᠭᠰᠡᠨ ᠢ ᠨᠡᠶᠢᠳᠡ ᠳᠤ | ᠵᠠᠷᠯᠠᠭᠰᠠᠨ ᠨᠠᠮᠤᠷ ᠤᠨ ᠤᠷᠤᠢ ᠶᠢᠨ ᠳᠡᠷᠡ ᠡᠳᠤᠷ᠂ ᠰᠤᠶᠤᠯ ᠤᠨ ᠭᠠᠪᠢᠶᠠᠳᠤ ᠵᠢᠳᠭᠦᠯᠳᠡᠨ ᠮᠠᠨᠳᠤᠠᠦᠭᠶᠤ ︽ | ᠡᠪᠤᠯᠵᠢᠶᠠᠨ ᠳᠡᠭᠡᠨ ᠪᠠᠭᠤᠵᠤ ᠭᠡᠷ ᠢᠶᠠᠨ ᠳᠤᠯᠠᠭᠠᠯᠠᠭᠠᠳ ᠰᠢᠨ᠎ᠡ ᠭᠠᠷᠭᠠᠬᠤ ᠨᠤᠮ ᠤᠨ ᠳᠠᠷᠤᠳᠠᠰᠤ ᠠᠴᠠ ᠤᠩᠰᠢᠵᠤ | ᠰᠠᠭᠤᠳᠠᠯᠡ ᠤᠳᠠᠰᠤ ᠡᠭᠡᠰᠢᠭᠯᠡᠵᠤ ᠡᠨᠡ ᠭᠠᠶᠢᠬᠠᠮᠰᠢᠭᠳᠤ ᠮᠡᠳᠡᠭᠡ ᠶᠢ ᠳᠤᠭᠤᠯᠭᠠᠪᠠ᠃ ᠬᠤᠶᠠᠷ ᠬᠤᠨᠤᠭ ᠤᠨ | ᠳᠠᠷᠠᠭ᠎ᠠ ᠳᠠᠶᠢᠸᠠᠨ ᠳᠤ ᠶᠠᠪᠤᠨ᠎ᠡ᠂ ᠬᠤᠷᠠᠯ ᠳᠠᠭᠠᠨ ᠰᠠᠭᠤᠭᠠᠳ ᠳᠡᠨᠳᠡ ᠠᠮᠠᠷᠠᠵᠤ ᠰᠤᠪᠢᠯᠠᠭᠤᠯᠬᠤ ᠳᠦᠯᠦᠪᠯᠡᠭᠡ ᠪᠠᠨ | ᠦᠭᠡᠷᠠᠴᠢᠯᠡᠭᠡᠳ ᠤᠳᠤᠨ ᠢᠶᠠᠨ ᠭᠦᠯᠢᠶᠠᠨ ᠠᠪᠬᠤ ᠪᠠᠷ ᠤᠳᠠᠬᠤ ᠦᠭᠡᠢ ᠪᠤᠴᠠᠵᠤ ᠢᠷᠡᠨ᠎ᠡ᠃ ᠳᠠ ᠪᠦᠭᠦᠨ ᠳᠤ | ᠪᠠᠶᠠᠷᠯᠠᠯᠡ︾ ᠭᠡᠮᠡᠭᠦ ᠳᠠᠯᠠᠷᠬᠠᠯ ᠤᠨ ᠦᠭᠡᠰ ᠢ ᠨᠢᠭᠤᠷ ᠨᠤᠮ ᠳᠠᠭᠠᠨ ᠦᠯᠡᠳᠡᠭᠡᠭᠰᠡᠨ ᠪᠠᠶᠢᠪᠠ᠃ ᠳᠦᠷᠦ ᠶᠢᠨ | ᠦᠨᠳᠤᠷ ᠭᠦᠨᠳᠤᠳᠭᠡᠯ ᠭᠦᠯᠢᠶᠠᠵᠤ᠂ ᠳᠡᠷᠢᠭᠦᠨ ᠵᠡᠷᠭᠡ ᠶᠢᠨ ᠱᠠᠩᠨᠡᠯ ᠭᠦᠷᠳᠡᠭᠦ ᠪᠠᠶᠠᠷᠳᠠᠢ ᠮᠡᠳᠡᠭᠡ ᠳᠤᠭᠤᠯᠤᠭᠰᠠᠨ | ᠳᠡᠭᠦᠨ ᠤ ᠠᠩᠬᠠᠨ ᠤ ᠰᠠᠳᠬᠢᠭᠳᠡᠯ ᠡᠨᠡ ᠪᠠᠶᠢᠬᠰᠠᠨ᠃ ᠤᠷᠠᠯᠢᠭ ᠤᠳᠬ᠎ᠠ ᠵᠤᠬᠢᠶᠠᠯ ᠤᠨ ᠰᠠᠯᠪᠤᠷᠢ ᠳᠤ 40 | ᠭᠠᠷᠤᠢ ᠵᠢᠯ ᠭᠦᠳᠡᠯᠮᠤᠷᠢᠯᠡᠵᠤ ᠂ ᠡᠭᠡ ᠤᠷᠤᠨ ᠳᠠᠭᠠᠨ ᠳᠡᠳᠤᠢ ᠦᠭᠡᠢ ᠳᠡᠯᠡᠭᠡᠢ ᠳᠤ ᠦᠨᠡᠯᠡᠭᠳᠡᠭᠦ ᠪᠦᠳᠦᠭᠡᠯ ᠤᠳ | ᠳᠤᠭᠤᠷᠪᠢᠭᠰᠠᠨ ᠢ ᠮᠤᠩᠭᠤᠯ ᠤᠨ ᠳᠦᠷᠦ ᠦᠨᠳᠤᠷ ᠢᠶᠠᠷ ᠦᠨᠡᠯᠡᠨ ᠡᠨᠡᠭᠦ ᠱᠠᠩᠨᠡᠯ ᠢᠶᠠᠷ ᠪᠠᠳᠤᠯᠠᠵᠤ᠂ ᠳᠡᠷᠡᠪᠠᠷ ︽ | ᠴᠢᠩᠬᠢᠰ ᠬᠠᠭᠠᠨ︾ ᠤᠳᠤᠨ ᠤ ᠶᠢᠰᠤᠳᠡᠬᠢ ᠭᠦᠮᠤᠨ ᠢᠶᠠᠷ ᠡᠷᠭᠦᠮᠵᠢᠯᠡᠭᠳᠡᠯᠡ᠃ | ᠮᠤᠩᠭᠤᠯ ᠤᠯᠤᠰ ᠤᠨ ᠶᠠᠷᠦᠩᠭᠡᠶᠢᠯᠡᠭᠴᠢ ᠴ᠊ · ᠡᠯᠪᠡᠭᠳᠤᠷᠵᠢ ᠳᠡᠭᠦᠨ ᠢ ᠨᠡᠶᠢᠭᠡᠮ ᠰᠤᠶᠤᠯ ᠤᠨ ᠨᠡᠷᠡᠳᠤ | ᠵᠢᠳᠭᠦᠯᠳᠡᠨ᠂ ᠵᠤᠬᠢᠶᠠᠯᠴᠢ᠂ ᠢᠷᠠᠭᠤ ᠨᠠᠶᠢᠷᠠᠭᠴᠢ᠂ ᠮᠠᠯᠴᠢᠨ ᠠᠷᠠᠳ ᠤᠨ ᠭᠦᠤ ᠭᠡᠰᠠᠨ ᠪᠢᠯᠡ᠃ ᠮᠠᠨᠳᠤᠠᠦᠭᠶᠤ | ᠳᠠᠷᠢᠭᠠᠩᠭ᠎ᠠ ᠶᠢᠨ ᠨᠤᠳᠤᠭ ᠲᠤ ᠮᠡᠨᠳᠤᠯᠡᠵᠤ᠂ ᠮᠠᠯ ᠰᠦᠷᠦᠭ ᠠᠳᠤᠭᠤᠯᠠᠵᠤ᠂ ᠬᠤᠷᠳᠤᠨ ᠮᠤᠷᠢ ᠤᠨᠤᠵᠤ | ᠦᠰᠦᠭᠰᠡᠨ ᠨᠡᠭᠦᠳᠡᠯᠴᠢᠨ ᠮᠠᠯᠴᠢᠨ ᠢᠵᠠᠭᠤᠷ ᠲᠠᠢ ᠵᠤᠬᠢᠶᠠᠯᠴᠢ ᠪᠦᠭᠡᠳ ᠳᠡᠭᠦᠨ ᠤ ᠤᠷᠠᠨ ᠪᠦᠳᠦᠭᠡᠯ ᠪᠠᠶᠢᠭᠠᠯᠢ | ᠳᠡᠯᠡᠭᠡᠢ ᠲᠠᠢ ᠪᠠᠨ ᠭᠦᠨ ᠰᠢᠳᠤᠯᠴᠡᠭᠰᠡᠨ ᠨᠡᠭᠦᠳᠡᠯᠴᠢᠨ ᠤ ᠰᠤᠶᠤᠯ᠂ ᠠᠬᠤᠢ᠂ ᠳᠠᠯ᠎ᠡ ᠨᠤᠳᠤᠭ ᠤᠨ ᠵᠦᠭᠡᠯᠡᠨ | ᠨᠠᠮᠤᠭᠤᠨ ᠵᠠᠩ ᠴᠢᠨᠠᠷ᠂ ᠮᠤᠩᠭᠤᠯ ᠤᠯᠠᠮᠵᠢᠯᠠᠯᠳᠤ ᠮᠡᠳᠡᠯᠭᠡ ᠤᠬᠠᠭᠠᠨ ᠲᠠᠢ ᠰᠠᠯᠤᠰᠢ ᠦᠭᠡᠢ ᠬᠤᠯᠪᠤᠭ᠎ᠠ ᠲᠠᠢ | ᠪᠠᠶᠢᠳᠠᠭ ᠪᠢᠯᠡ᠃ ᠳᠡᠭᠦᠨ ᠤ ᠪᠦᠳᠦᠭᠡᠯ ᠤᠳ ᠳᠡᠯᠡᠭᠡᠢ ᠶᠢᠨ 40 ᠭᠠᠷᠤᠢ ᠭᠡᠯᠡᠨ ᠳᠤ ᠤᠷᠴᠢᠭᠤᠯᠤᠭᠳᠠᠭᠰᠠᠨ ᠤ | ᠵᠡᠷᠭᠡᠴᠡᠭᠡ ᠳᠡᠷᠡᠪᠠᠷ ᠮᠤᠩᠭᠤᠯ ᠤᠨ ᠳᠡᠤᠭᠡ ᠰᠤᠶᠤᠯ᠂ ᠪᠠᠶᠢᠭᠠᠯᠢ ᠶᠢᠨ ᠦᠪ ᠢ ᠰᠠᠷᠭᠦᠭᠡᠨ ᠬᠠᠮᠠᠭᠠᠯᠠᠬᠤ ᠦᠢᠯᠡᠰ ᠲᠤ | ᠦᠪᠠᠷ ᠤᠨ ᠬᠤᠪᠢ ᠨᠠᠮᠠᠷᠢ ᠪᠠᠨ ᠤᠷᠤᠭᠤᠯᠤᠭᠰᠠᠭᠠᠷ ᠶᠠᠪᠤᠭ᠎ᠠ ᠠᠵᠢ᠃ ᠳᠠᠷᠢᠭᠠᠩᠭ᠎ᠠ ᠶᠢᠨ ᠳᠠᠯ᠎ᠡ ᠳᠤ ᠦᠰᠦᠭᠰᠡᠨ | ᠮᠠᠯᠴᠢᠨ ᠤᠳᠤᠮᠳᠤ ᠭᠦᠦ ᠬᠤᠵᠢᠮ ᠨᠢ ᠮᠤᠩᠭᠤᠯ ᠢᠶᠠᠨ ᠳᠡᠯᠡᠭᠡᠢ ᠳᠤ ᠰᠤᠷᠳᠠᠯᠴᠢᠯᠠᠭᠰᠠᠨ ᠶᠡᠭᠡ ᠨᠠᠶᠢᠷᠠᠭᠴᠢ ᠪᠤᠯᠪᠠ᠃ | ᠠᠩᠬ᠎ᠠ ︽ᠪᠤᠳᠤᠯ ᠤᠨ ᠰᠢᠪᠠᠭᠤ︾ ᠨᠡᠷ᠎ᠡ ᠲᠠᠢ ᠰᠢᠯᠦᠭ ᠤᠨ ᠳᠡᠭᠦᠪᠤᠷᠢ ᠪᠠᠨ 1980 ᠤᠨ ᠳᠤ 28 | ᠨᠠᠰᠤᠳᠠᠢ ᠳᠠᠭᠠᠨ ᠭᠡᠪᠯᠡᠭᠦᠯᠦᠭᠰᠡᠨ ᠠᠴᠠ ᠬᠤᠶᠢᠰᠢ 13 ᠵᠢᠯ ᠤᠨ ᠳᠠᠷᠠᠭ᠎ᠠ ᠠᠩᠬᠠᠨ ᠤ ᠳᠤᠤᠯᠢᠰ ᠤᠨ ᠳᠤᠮᠤ | ᠪᠦᠳᠦᠭᠡᠯ ᠪᠤᠯᠬᠤ ︽ᠠᠯᠳᠠᠨ ᠤᠪᠤᠭ᠎ᠠ︾ ᠪᠠᠨ 1993 ᠤᠨ ᠳᠤ ᠭᠡᠪᠯᠡᠭᠦᠯᠵᠡᠢ᠃ ︽ᠠᠯᠳᠠᠨ ᠤᠪᠤᠭ᠎ᠠ︾ | ᠨᠤᠮ ᠠᠴᠠ 19 ᠵᠢᠯ ᠤᠨ ᠳᠠᠷᠠᠭ᠎ᠠ ᠪᠤᠶᠤ 2012 ᠤᠨ ᠳᠤ ︽ᠭᠡᠭᠡᠨᠳᠡᠨ︾ ᠷᠤᠮᠠᠨ ᠢᠶᠠᠨ ᠤᠩᠰᠢᠬᠴᠢ ᠳᠦᠮᠡᠨ ᠤ | ᠭᠦᠷᠳᠡᠭᠡᠯ ᠪᠤᠯᠭᠠᠭᠰᠠᠨ ᠨᠢ ᠡᠳᠦᠭᠡ ᠨᠤᠮ ᠤᠨ ᠠᠮᠳᠠᠨ ᠳᠤ ᠳᠤᠷᠠᠯᠠᠭᠰᠠᠳ ᠤᠨ ᠳᠠᠯᠠᠷᠬᠠᠯ ᠭᠦᠯᠢᠶᠠᠵᠤ ᠪᠠᠶᠢᠨ᠎ᠡ᠃ | ᠮᠦᠨ ᠤᠯᠠᠮᠵᠢᠯᠠᠯᠳᠤ ᠪᠤᠰᠤᠭ᠎ᠠ ᠪᠢᠴᠢᠭ ᠢᠶᠠᠨ ᠠᠪᠴᠤ ᠦᠯᠡᠳᠡᠭᠦ᠂ ᠳᠡᠭᠦᠨ ᠢᠶᠠᠨ ᠳᠡᠯᠭᠡᠷᠡᠭᠦᠯᠭᠦ ᠳᠤ ᠵᠤᠬᠢᠶᠠᠯᠴᠢ | ᠬᠤᠪᠢ ᠨᠡᠮᠡᠷᠢ ᠦᠵᠡᠭᠦᠯᠦᠭᠰᠡᠭᠡᠷ ᠢᠷᠡᠭᠰᠡᠨ ᠶᠤᠮ᠃ ᠳᠡᠷᠡᠪᠠᠷ ᠤᠷᠠᠨ ᠪᠢᠴᠢᠯᠭᠡ ᠰᠤᠨᠢᠷᠬᠠᠵᠤ᠂ ᠦᠪᠠᠷ ᠤᠨ | ᠪᠦᠳᠦᠭᠡᠯ ᠤᠳ ᠢᠶᠠᠨ ᠤᠷᠠᠨ ᠪᠢᠴᠢᠯᠭᠡ ᠳᠤ ᠪᠠᠭᠤᠯᠭᠠᠨ᠂ ᠳᠡᠭᠦᠨ ᠢᠶᠠᠷ ᠢᠶᠠᠨ ᠮᠤᠩᠭᠤᠯ ᠳᠤ ᠳᠡᠳᠤᠢ ᠦᠭᠡᠢ | ᠭᠠᠳᠠᠭᠠᠳᠤ ᠶᠢᠨ ᠭᠡᠳᠤ ᠭᠡᠳᠤᠨ ᠤᠷᠤᠨ ᠳᠤ ᠦᠵᠡᠰᠭᠦᠯᠠᠩ ᠭᠠᠷᠭᠠᠵᠤ᠂ ᠡᠭᠡ ᠭᠡᠯᠡ ᠪᠠᠨ ᠰᠤᠷᠳᠠᠯᠴᠢᠯᠠᠭᠰᠠᠨ | ᠭᠠᠪᠢᠶᠠᠳᠠᠨ ᠠᠵᠢ᠃ | ᠵᠤᠬᠢᠶᠠᠯᠴᠢ ᠮᠠᠨᠳᠤᠠᠦᠭᠶᠤ ᠳᠠᠷᠢᠭᠠᠩᠭ᠎ᠠ ᠨᠤᠳᠤᠭ ᠠᠴᠠ ᠳᠦᠷᠦᠭᠰᠡᠨ ᠰᠤᠤᠳᠤ ᠠᠪᠢᠶᠠᠰ ᠲᠠᠢ | ᠨᠠᠶᠢᠷᠠᠭᠴᠢᠳ ᠤᠨ ᠨᠢᠭᠡ᠂ ᠭᠠᠩᠭ᠎ᠠ ᠨᠠᠭᠤᠷ ᠤᠨ ᠭᠦᠪᠡᠭᠡᠨ ᠳᠤ ᠳᠤᠭᠯᠠᠵᠤ᠂ ᠡᠨᠡ ᠨᠤᠳᠤᠭ ᠠᠴᠠ ᠠᠯᠤᠰ ᠤᠨ | ᠵᠠᠮ ᠳᠤ ᠭᠠᠷᠤᠭᠰᠠᠨ ᠭᠦᠮᠤᠨ ᠬᠤᠨ ᠶᠤᠮ᠃ ᠳᠡᠶᠢᠮᠤ ᠠᠴᠠ ᠨᠠᠭᠤᠷ ᠢᠶᠠᠨ ᠡᠷᠬᠢᠵᠤ ᠪᠠᠶᠢᠭᠠᠯᠢ ᠶᠢᠨ | ᠦᠵᠡᠰᠭᠦᠯᠡᠩ ᠳᠤ᠂ ᠡᠨᠡ ᠨᠤᠳᠤᠭ ᠢ ᠬᠠᠶᠢᠷᠠᠯᠠᠨ ᠬᠠᠮᠠᠭᠠᠯᠠᠬᠤ᠂ ᠤᠩᠭᠤᠨ ᠳᠠᠭᠱᠢᠨ ᠪᠠᠶᠢᠳᠠᠯ ᠢ ᠨᠢ ᠬᠠᠳᠠᠭᠠᠯᠠᠵᠤ | ᠦᠯᠡᠳᠡᠭᠦ ᠳᠤᠬᠠᠢ ᠳᠤ ᠰᠢᠢᠳᠪᠤᠷᠢ ᠭᠠᠷᠭᠠᠭᠰᠠᠨ ᠶᠤᠮ᠃ ᠦᠷ᠎ᠡ ᠳ᠋ᠦᠩ ᠳᠤᠨᠢ ᠭᠠᠩᠭ᠎ᠠ ᠨᠠᠭᠤᠷ ᠢ ᠬᠠᠮᠠᠭᠠᠯᠠᠬᠤ | ᠠᠵᠢᠯᠯᠠᠭ᠎ᠠ ᠦᠷᠨᠢᠵᠤ᠂ ᠵᠢᠯ ᠠᠴᠠ ᠵᠢᠯ ᠳᠤ ᠳᠠᠳᠠᠷᠠᠵᠤ᠂ ᠴᠤᠭᠯᠠᠷᠠᠬᠤ ᠬᠤᠨ ᠤ ᠳᠤᠭ᠎ᠠ ᠴᠦᠭᠡᠷᠡᠭᠰᠡᠭᠡᠷ ᠪᠠᠶᠢᠭ᠎ᠠ | ᠡᠨᠡ ᠨᠤᠳᠤᠭ ᠤᠨ ᠡᠷᠭᠢ ᠭᠦᠪᠡᠭᠡᠨ ᠳᠤ ᠮᠤᠳᠤ ᠳᠠᠷᠢᠬᠤ ᠵᠡᠷᠭᠡ ᠰᠠᠶᠢᠬᠠᠨ ᠰᠠᠨᠠᠭᠠᠴᠢᠯᠠᠭ᠎ᠠ ᠨᠤᠭᠤᠳ ᠪᠤᠳᠠᠳᠤ | ᠠᠵᠢᠯᠯᠠᠭ᠎ᠠ ᠪᠤᠯᠤᠭᠠᠳ ᠡᠬᠢᠯᠡᠯ᠎ᠡ ᠃ ᠡᠭᠦᠨ ᠢᠶᠠᠷ ᠢᠶᠠᠨ ᠳᠡᠷᠡ ᠨᠡᠶᠢᠭᠡᠮ ᠰᠤᠶᠤᠯ ᠤᠨ ᠨᠡᠷᠡᠳᠤ ᠵᠢᠳᠭᠦᠯᠳᠡᠨ ᠭᠡᠮᠡᠭᠦ | ᠳᠤᠳᠤᠷᠬᠠᠢᠢᠯᠠᠯᠳᠠ ᠳᠤ ᠶᠠᠪ ᠴᠠᠪ ᠨᠡᠶᠢᠴᠠᠵᠤ ᠪᠠᠶᠢᠨ᠎ᠡ᠃ | ᠮᠡᠨᠳᠤᠠᠦᠭᠶᠤ ᠳᠡᠯᠡᠭᠡᠢ ᠳᠤ ᠳᠠᠩᠰᠠ ᠲᠠᠢ ᠨᠠᠶᠢᠷᠠᠭᠴᠢ᠃ ᠳᠡᠷᠡᠪᠠᠷ 2009 ᠤᠨ ᠳᠤ ᠳᠠᠯᠠᠭᠡᠢ ᠶᠢᠨ | ᠤᠷᠠᠯᠢᠭ ᠰᠤᠶᠤᠯ ᠤᠨ ᠠᠺᠠᠳᠧᠮᠢ ᠠᠴᠠ ᠤᠯᠭᠤᠳᠠᠭ ᠳᠡᠯᠡᠭᠡᠢ ᠶᠢᠨ ᠢᠷᠠᠭᠤ ᠨᠠᠶᠢᠷᠠᠭ ᠤᠨ ᠳᠡᠭᠡᠳᠤ ᠱᠠᠩᠨᠡᠯ ᠢ | ᠭᠦᠷᠳᠡᠵᠤ᠂ ᠠᠯᠳᠠᠨ ᠳᠢᠳᠠᠮ ᠭᠠᠷᠳᠠᠭᠰᠠᠨ ᠶᠤᠮ᠃ 2014 ᠤᠨ ᠤ 9 ᠳ᠋ᠦ᠋ᠭᠡᠷ ᠰᠠᠷ᠎ᠡ ᠳᠤ᠂ ᠷᠤᠮᠠᠨᠢᠶ᠎ᠠ ᠳᠤ | ᠪᠤᠯᠤᠭᠰᠠᠨ ᠳᠡᠯᠡᠭᠡᠢ ᠶᠢᠨ ᠢᠷᠠᠭᠤ ᠨᠠᠶᠢᠷᠠᠭ ᠤᠨ ᠨᠠᠭᠠᠳᠤᠮ ᠳᠤ ᠤᠷᠤᠯᠴᠠᠵᠤ᠂ ᠳᠠᠯᠠᠭᠡᠢ ᠳᠤ ᠭᠦᠯᠢᠶᠠᠨ | ᠵᠦᠪᠰᠢᠶᠡᠷᠡᠭᠳᠡᠭᠰᠡᠨ 50 ᠭᠠᠷᠤᠢ ᠢᠷᠡᠭᠤ ᠨᠠᠶᠢᠷᠠᠭᠴᠢ ᠠᠴᠠ ᠳᠤᠳᠤᠷᠠᠵᠤ ᠳᠡᠷᠢᠭᠦᠨ ᠱᠠᠩᠨᠡᠯ ᠭᠦᠷᠳᠡᠭᠰᠡᠨ ᠢ | ᠮᠤᠩᠭᠤᠯ ᠳᠦᠮᠡᠨ ᠳᠠᠯᠠᠷᠬᠠᠨ ᠤᠭᠳᠤᠭᠰᠠᠨ ᠶᠤᠮ᠃ ᠮᠤᠩᠭᠤᠯ ᠨᠠᠶᠢᠷᠠᠭᠴᠢ ᠶᠢᠨ ᠪᠦᠳᠤᠭᠡᠯ ᠢ ᠦᠷᠦᠨᠡᠳᠡᠬᠢᠨ ᠤ | ᠰᠢᠮᠳᠠᠨ ᠰᠤᠨᠢᠷᠬᠠᠵᠤ ᠪᠤᠢ ᠢᠯᠡᠷᠭᠡᠶᠢᠯᠡᠯ ᠡᠨᠡ ᠪᠢᠰᠢ ᠭᠡᠵᠤ ᠤᠤ⁈ ᠳᠡᠯᠡᠭᠡᠢ ᠶᠢᠨ ᠢᠷᠠᠭᠤ ᠨᠠᠶᠢᠷᠠᠭᠴᠢᠳ ᠤᠨ | ᠶᠡᠭᠡ ᠬᠤᠷᠠᠯ ᠤᠨ ᠳᠡᠭᠡᠳᠤ ᠶᠠᠷᠦᠩᠭᠡᠶᠢᠯᠡᠭᠴᠢ ᠶᠢᠨ ᠠᠯᠪᠠᠳᠠᠨ ᠳᠠᠷᠠᠪᠠᠷ ︽ᠴᠢᠩᠬᠢᠰ ᠬᠠᠭᠠᠨ︾ ᠤᠳᠤᠨ ᠢ | ᠭᠠᠷᠳᠠᠬᠤ ᠠᠴᠠ ᠭᠡᠳᠤᠭᠡᠨ ᠬᠤᠨᠤᠭ ᠤᠨ ᠡᠮᠤᠨ᠎ᠡ᠂ ᠳᠠᠶᠢᠸᠠᠨ ᠳᠤ ᠪᠤᠯᠤᠭᠰᠠᠨ ᠳᠡᠯᠡᠭᠡᠢ ᠶᠢᠨ ᠢᠷᠠᠭᠤ | ᠨᠠᠶᠢᠷᠠᠭᠴᠢ ᠶᠢᠨ 35 ᠳᠠᠬᠢ ᠶᠡᠭᠡ ᠬᠤᠷᠠᠯ ᠳᠤ᠂ ᠨᠠᠶᠢᠷᠠᠭᠴᠢᠳ ᠤᠨ ᠢᠶᠠᠨ ᠬᠠᠮᠳᠤ ᠪᠠᠷ ᠤᠷᠤᠯᠴᠠᠭᠠᠳ ᠢᠷᠡᠪᠠ᠃ | ᠴᠤᠭᠯᠠᠭᠠᠨ ᠤ ᠦᠶ᠎ᠡ ᠪᠠᠷ ᠮᠤᠩᠭᠤᠯ ᠤᠨ ᠢᠷᠠᠭᠤ ᠨᠠᠶᠢᠷᠠᠭ ᠤᠨ ᠡᠳᠦᠷᠯᠢᠭ᠂ ᠤᠷᠠᠨ ᠪᠢᠴᠢᠯᠭᠡ ᠶᠢᠨ ᠦᠵᠡᠰᠭᠦᠯᠡᠩ | ᠳᠡᠯᠭᠡᠵᠡᠢ᠃ ᠮᠦᠨ ᠳᠡᠭᠦᠨ ᠤ ᠰᠢᠯᠦᠭ ᠤᠨ ᠳᠡᠭᠦᠪᠤᠷᠢ ︽ᠰᠢᠨ᠎ᠡ ᠨᠤᠳᠤᠭ︾ ᠠᠩᠭ᠍ᠯᠢ᠂ ᠬᠢᠳᠠᠳ ᠭᠡᠯᠡᠨ ᠳᠤ | ᠭᠡᠪᠯᠡᠭᠳᠡᠨ ᠭᠠᠷᠴᠤ᠂ ᠳᠡᠭᠡᠵᠢ ᠶᠢ ᠨᠢ ᠳᠡᠯᠡᠭᠡᠢ ᠶᠢᠨ ᠦᠨᠴᠦᠭ ᠪᠤᠯᠤᠩ ᠠᠴᠠ ᠢᠷᠡᠭᠰᠡᠨ ᠨᠠᠶᠢᠷᠠᠭᠴᠢᠳ ᠭᠦᠷᠳᠡᠭᠡᠳ | ᠪᠤᠴᠠᠭᠰᠠᠨ ᠪᠢᠯᠡ᠃ ᠮᠠᠨᠳᠤᠠᠦᠭᠶᠤ ᠭᠡᠮᠡᠭᠦ ᠮᠤᠩᠭᠤᠯ ᠭᠦᠮᠤᠨ ᠳᠡᠯᠡᠭᠡᠢ ᠶᠢᠨ ᠢᠷᠠᠭᠤ ᠨᠠᠶᠢᠷᠠᠭ ᠤᠨ ᠦᠷᠭᠦᠭᠡᠨ ᠤ | ᠬᠤᠶᠢᠮᠤᠷ ᠲᠤ ᠭᠦᠨᠳᠤᠳᠠᠢ ᠪᠠᠶᠢᠷᠢ ᠡᠵᠡᠯᠡᠭᠰᠡᠨ ᠤ ᠳᠤᠳᠤ ᠭᠡᠷᠠᠴᠢ ᠡᠨᠡ ᠪᠤᠶᠤ᠃ ᠳᠡᠷᠡᠪᠠᠷ ᠦᠩᠭᠡᠷᠡᠭᠰᠡᠨ ᠤᠨ ᠤ | ᠳᠠᠪᠤ ᠵᠢᠷᠭᠤᠳᠤᠭᠠᠷ ᠰᠠᠷ᠎ᠡ ᠳᠤ ᠢᠲ᠋ᠠᠯᠢ ᠶᠢᠨ ᠨᠢᠭᠡᠨ 15 ᠳ᠋ᠤᠭᠠᠷ ᠵᠠᠭᠤᠨ ᠤ ᠰᠢᠯᠳᠦᠭᠡᠨ ᠳᠤ ᠤᠷᠠᠨ | ᠪᠦᠳᠤᠭᠡᠯ ᠢᠶᠠᠨ ᠳᠤᠭᠤᠷᠪᠢᠬᠤ ᠤᠷᠢᠯᠭ᠎ᠠ ᠬᠦᠯᠢᠶᠠᠨ ᠠᠪᠴᠡᠢ᠃ ᠳᠡᠷᠡ ᠦᠶ᠎ᠡ ᠳᠡᠭᠡᠨ ᠳᠤᠭᠤᠷᠪᠢᠭᠰᠠᠨ ᠰᠢᠨᠡᠭᠡᠨ | ᠷᠤᠮᠠᠨ ᠢᠶᠠᠨ ︽ᠭᠤᠤᠯ ᠤᠰᠤᠨ ᠳᠤᠩᠭᠠᠯᠠᠭᠰᠢᠬᠤ ᠴᠠᠭ ᠢᠶᠠᠷ︾ ᠭᠡᠮᠡᠨ ᠨᠡᠷᠡᠶᠢᠳᠴᠤ᠂ ᠤᠩᠰᠢᠬᠴᠢ | ᠳᠦᠮᠡᠨ ᠳᠡᠭᠡᠨ ᠡᠷᠭᠦᠨ ᠪᠠᠷᠢᠬᠤ ᠪᠠᠷ ᠠᠷᠢᠭᠤᠳᠬᠠᠨ ᠱᠦᠭᠦᠵᠤ ᠰᠠᠭᠤᠨ᠎ᠡ᠃ ᠵᠤᠨ ᠤ ᠳᠠᠯᠭᠡᠷ ᠴᠠᠭ ᠲᠤ ᠭᠦᠳᠡᠭᠡ | ᠭᠠᠳᠠᠭᠤᠷ ᠶᠠᠪᠤᠬᠤ ᠠᠵᠢᠯ ᠶᠡᠭᠡ ᠲᠠᠢ ᠳᠤᠯᠠ ᠤᠷᠠᠨ ᠪᠦᠳᠦᠭᠡᠯ ᠬᠢᠵᠤ᠂ ᠳᠦᠪᠯᠡᠷᠡᠵᠤ ᠰᠠᠭᠤᠬᠤ ᠴᠠᠭ ᠤᠯᠳᠠᠬᠤ | ᠦᠭᠡᠢ᠃ ᠬᠠᠷᠢᠨ ᠡᠪᠤᠯ ᠤᠨ ᠤᠯᠠᠷᠢᠯ ᠳᠤ ᠡᠪᠦᠯᠵᠢᠭᠡ ᠪᠠᠨ ᠳᠤᠯᠠᠭᠠᠯᠠᠵᠤ ᠠᠪᠤᠭᠠᠳ ᠤᠷᠠᠨ ᠪᠦᠳᠤᠭᠡᠯ | ᠳᠤᠭᠤᠷᠪᠢᠬᠤ ᠳᠤ ᠨᠡᠩ ᠳᠠᠭᠠᠳᠠᠢ ᠪᠠᠶᠢᠳᠠᠭ ᠢᠶᠠᠨ ᠵᠤᠬᠢᠶᠠᠯᠴᠢ ᠨᠢᠭᠡᠨ ᠶᠠᠷᠢᠯᠴᠠᠯᠭ᠎ᠠ ᠳᠠᠭᠠᠨ ᠦᠭᠭᠦᠭᠰᠡᠨ ᠪᠢᠯᠡ᠃ | ᠡᠪᠤᠯ ᠤᠨ ᠳᠡᠷᠢᠭᠦᠨ ᠰᠠᠷ᠎ᠡ ᠶᠢᠨ ᠰᠢᠨ᠎ᠡ ᠶᠢᠨ ᠨᠢᠭᠡᠨ ᠠᠴᠠ ᠡᠮᠤᠨ᠎ᠡ ᠮᠡᠨᠳᠤᠠᠦᠭᠶᠤ ᠡᠪᠤᠯᠵᠢᠶ᠎ᠡ ᠪᠠᠨ ᠭᠡᠳᠦ᠋ᠢᠨᠢ | ᠳᠤᠯᠠᠭᠠᠯᠠᠵᠤ᠂ ᠪᠢᠴᠢᠭ ᠨᠤᠮ ᠤᠨ ᠶᠡᠭᠡ ᠠᠵᠢᠯ ᠳᠠᠭᠠᠨ ᠱᠤᠩᠪᠠᠨ ᠤᠷᠤᠵᠡᠢ᠃ ᠡᠨᠡ ᠴᠠᠭ ᠢᠶᠠᠷ ᠨᠢ ᠶᠡᠭᠡ | ᠨᠠᠶᠢᠷᠠᠭᠴᠢ ᠳᠤ ᠳᠤᠮᠤ ᠭᠦᠨᠳᠤᠳᠭᠡᠯ ᠢᠷᠡᠪᠠ᠃ | | ᠰᠤᠶᠤᠯ ᠤᠨ ᠭᠠᠪᠢᠶᠠᠳᠤ ᠵᠢᠳᠭᠦᠯᠳᠡᠨ ᠮᠡᠨᠳᠤᠠᠦᠭᠶᠤ ︵ᠮᠤᠩᠭᠤᠯ ᠤᠨ ᠰᠦᠯᠵᠢᠶ᠎ᠡ ᠠᠴᠠ ᠵᠤᠯᠠ ᠭᠦᠷᠪᠡᠭᠦᠯᠪᠠ︶ | | |