| ᠮᠣᠩᠭᠤᠯᠴᠤᠳ ᠤᠨ ᠥᠪ ᠰᠤᠶᠤᠯ᠂ ᠡᠬᠡ ᠣᠷᠣᠨ ᠢᠶᠠᠷ ᠢᠶᠠᠨ ᠣᠮᠣᠭᠰᠢᠬᠤ ᠰᠡᠳᠬᠢᠯ ᠤᠨ ᠨᠠᠷᠢᠨ | ᠤᠲᠠᠰᠤ ᠶᠢ ᠮᠤᠩᠭᠤᠯ ᠤᠯᠤᠰ ᠤᠨ ︽ᠮᠣᠩᠭᠤᠯ ᠲᠤᠯᠭᠠᠲᠠᠨ ᠤ 100 ᠡᠷᠬᠢᠮ︾ ᠨᠡᠪᠲᠡᠷᠡᠭᠦᠯᠭᠡ ᠬᠥᠨᠳᠡᠵᠦ | ᠴᠢᠳᠠᠳᠠᠭ᠃ ᠠᠩᠬ᠎ᠠ ︽ᠤᠯᠠᠭᠠᠨ ᠵᠠᠯᠠᠭᠠᠲᠤ ᠮᠣᠩᠭᠤᠯᠴᠤᠳ ᠲᠠᠭᠠᠨ︾ ᠵᠣᠷᠢᠭᠤᠯᠤᠯ᠎ᠠ ᠬᠡᠮᠡᠨ ᠨᠡᠪᠲᠡᠷᠡᠭᠦᠯᠭᠡ | ᠡᠬᠢᠯᠡᠬᠦ ᠴᠠᠭ ᠮᠥᠴᠡ ᠳᠤ ᠬᠡᠯᠡᠳᠡᠭ ᠪᠣᠯ ᠡᠳᠦᠭᠡ ︽ᠳᠡᠯᠡᠬᠡᠢ ᠶᠢᠨ ᠮᠣᠩᠭᠤᠯᠴᠤᠳ ᠲᠤ ᠵᠣᠷᠢᠭᠤᠯᠪᠠ︾ ᠪᠣᠯᠵᠤ | ᠥᠭᠡᠷᠡᠴᠢᠯᠡᠭᠰᠡᠨ ᠨᠢ ᠦᠪᠤᠷ ᠮᠤᠩᠭᠤᠯ ᠤᠨ ᠠᠯᠳᠠᠷᠲᠤ ᠵᠦᠴᠦᠭᠡᠴᠢᠨ ᠪ᠊ · ᠪᠠᠰᠠᠩᠵᠠᠪ ᠤᠨ ᠣᠷᠣᠯᠴᠠᠭᠰᠠᠨ | ᠨᠡᠪᠲᠡᠷᠡᠭᠦᠯᠭᠡ ᠠᠴᠠ ᠪᠢᠳᠡ ᠪᠦᠭᠦᠨ ᠬᠠᠷᠠᠵᠤ ᠪᠠᠶᠢᠨ᠎ᠠ᠃ | ᠨᠡᠪᠲᠡᠷᠡᠭᠦᠯᠭᠡ ᠶᠢᠨ ᠴᠢᠨᠠᠷ ᠴᠢᠨᠰᠠᠭ᠎ᠠ᠂ ᠤᠳᠬ᠎ᠠ ᠠᠭᠤᠯᠭ᠎ᠠ ᠶᠢᠨ ᠢᠶᠠᠨ ᠬᠤᠪᠢ ᠳᠤ ︽ᠳᠡᠩᠳᠡᠭᠦᠦ ᠲᠣᠮᠣ︾ | ᠭᠡᠵᠦ ᠳ᠋ᠦᠩᠨᠡᠵᠦ ᠪᠣᠯᠬᠤ ᠡᠨᠡ ᠨᠡᠪᠲᠡᠷᠡᠭᠦᠯᠭᠡ ᠬᠢᠯᠢ ᠶᠢᠨ ᠭᠠᠳᠠᠨᠠᠬᠢ ᠳᠡᠯᠡᠬᠡᠢ ᠶᠢᠨ ᠮᠣᠩᠭᠤᠯᠴᠤᠳ ᠲᠠᠭᠠᠨ | ᠬᠦᠷᠴᠦ ᠡᠬᠢᠯᠡᠭᠰᠡᠨ ᠨᠢ ᠣᠯᠵᠠᠭᠤᠷᠬᠠᠭᠤᠰᠢᠲᠠᠢ᠃ ᠥᠩᠭᠡᠷᠡᠭᠰᠡᠨ ᠣᠨ ᠤ 10 ᠳ᠋ᠤᠭᠠᠷ ᠰᠠᠷ᠎ᠠ ᠠᠴᠠ ᠬᠤᠶᠢᠰᠢ ︽ | ᠮᠣᠩᠭᠤᠯ ᠲᠤᠯᠭᠠᠲᠠᠨ︾ ᠲᠥᠰᠥᠯ ᠤᠨ ᠬᠠᠮᠲᠤ ᠣᠯᠠᠨ ᠰᠢᠨ᠎ᠡ ᠳ᠋ᠤᠭᠠᠷ ᠪᠡᠯᠡᠳᠬᠡᠵᠦ ᠪᠤᠢ ᠪᠥᠭᠡᠳ ᠦᠪᠤᠷ | ᠮᠤᠩᠭᠤᠯ ᠤᠨ ᠨᠡᠷᠡᠲᠦ ᠮᠣᠷᠢᠨ ᠬᠤᠭᠤᠷᠴᠢ ᠴᠢ᠊ · ᠪᠤᠯᠠᠭ ᠣᠷᠣᠯᠴᠠᠬᠤ ᠪᠠᠷ ᠪᠣᠯᠤᠭᠰᠠᠨ ᠲᠤᠬᠠᠢ ᠮᠡᠳᠡᠭᠡᠯᠡᠯ | ᠳᠠᠷᠬᠠᠵᠤ ᠡᠬᠢᠯᠡᠭᠰᠡᠨ᠃ ᠲᠡᠭᠦᠨ ᠠᠴᠠ ᠬᠤᠶᠢᠰᠢ ᠳᠡᠯᠡᠬᠡᠢ ᠶᠢᠨ ᠮᠣᠩᠭᠤᠯᠴᠤᠳ ᠤᠨ ᠳᠤᠮᠳᠠ ᠬᠦᠯᠢᠶᠡᠯᠲᠡ | ᠡᠭᠦᠰᠦᠭᠡᠳ ᠪᠠᠶᠢᠭᠰᠠᠨ ᠲᠤᠰ ᠨᠡᠪᠲᠡᠷᠡᠭᠦᠯᠭᠡ ᠦᠵᠡᠭᠴᠢ ᠣᠯᠠᠨ ᠳᠠᠭᠠᠨ ᠭᠦᠷᠦᠯ᠎ᠡ᠃ ᠴᠢ᠊ · ᠪᠤᠯᠠᠭ ᠨᠢ ᠪᠦᠭᠦᠳᠡ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠨ ᠵᠡᠷᠭᠡ ᠶᠢᠨ ᠬᠥᠭᠵᠢᠮᠴᠢᠨ᠂ ᠨᠡᠷᠡᠲᠦ ᠮᠣᠷᠢᠨ ᠬᠤᠭᠤᠷᠴᠢ᠂ | ᠳᠤᠮᠳᠠᠳᠤ ᠤᠯᠤᠰ ᠤᠨ ᠰᠤᠶᠤᠯ ᠤᠨ ᠨᠡᠷᠡᠲᠦ ᠬᠦᠮᠦᠨ ᠭᠡᠳᠡᠭ ᠢ ᠤᠩᠰᠢᠬᠴᠢᠳ ᠠᠨᠳᠠᠬᠤ ᠦᠭᠡᠢ᠃ ᠬᠠᠮᠤᠭ ᠤᠨ | ᠭᠤᠣᠯ ᠨᠢ ᠲᠤᠰ ᠨᠡᠪᠲᠡᠷᠡᠭᠦᠯᠭᠡ ᠶᠢ ᠦᠵᠡᠭᠡᠳ ᠴᠢ᠊ · ᠪᠤᠯᠠᠭ ᠲᠠᠢ ᠠᠭᠤᠯᠵᠠᠵᠤ᠂ ᠦᠪᠤᠷ ᠮᠤᠩᠭᠤᠯ ᠤᠨ ᠣᠯᠠᠨ | ᠵᠠᠭᠤᠨ ᠬᠦᠮᠦᠨ ᠤ ᠮᠣᠩᠭᠤᠯ ᠢᠶᠠᠨ ᠭᠡᠬᠦ ᠴᠢᠩ ᠬᠦᠰᠡᠯ ᠢ ᠲᠠᠨᠢᠬᠤ ᠳᠤ ᠴᠢᠬᠤᠯᠠ ᠨᠥᠯᠥᠭᠡ ᠲᠠᠢ ᠰᠠᠨᠠᠭᠳᠠᠭᠰᠠᠨ᠃ | ᠨᠡᠪᠲᠡᠷᠡᠭᠦᠯᠭᠡ ᠶᠢ ᠳᠡᠭᠡᠳᠦ ᠲᠦᠪᠰᠢᠨ ᠳᠤ ᠬᠢᠬᠦ᠂ ᠦᠵᠡᠭᠴᠢᠳ ᠲᠤ ᠬᠦᠷᠭᠡᠬᠦ᠂ ᠶᠠᠷᠢᠯᠴᠠᠬᠤ ᠬᠦᠮᠦᠰ ᠢᠶᠠᠨ ᠵᠥᠪ | ᠰᠤᠩᠭᠤᠬᠤ᠂ ᠳᠦᠷᠢ ᠳᠦᠷᠰᠦᠯᠡᠯ᠂ ᠶᠠᠷᠢᠶᠠᠨ ᠤ ᠤᠳᠬ᠎ᠠ ᠠᠭᠤᠯᠭ᠎ᠠ ᠲᠠᠢ ᠵᠣᠬᠢᠴᠠᠭᠰᠠᠨ ᠬᠥᠭᠵᠢᠮ ᠤᠨ | ᠡᠭᠡᠰᠢᠭ ᠢᠶᠠᠷ ᠬᠦᠮᠦᠰ ᠤᠨ ᠰᠡᠳᠬᠢᠯ ᠢ ᠬᠥᠨᠳᠡᠬᠦ ᠲᠠᠯ᠎ᠠ ᠳᠤ ᠲᠤᠰ ᠨᠠᠪᠲᠠᠷᠠᠬᠦᠯᠬᠡ ᠨᠢ ᠮᠠᠰᠢ ᠴᠢᠳᠠᠮᠠᠭᠠᠢ ᠪᠠᠶᠢᠳᠠᠭ᠃ | | ︽ᠮᠣᠩᠭᠤᠯ ᠲᠤᠯᠭᠠᠲᠠᠨ︾ ᠲᠥᠰᠥᠯ ᠤᠨ ᠬᠠᠮᠲᠤ ᠣᠯᠠᠨ ᠶᠠᠷᠢᠯᠴᠠᠭᠴᠢ ᠪᠠᠨ ᠰᠤᠩᠭᠤᠬᠤ ᠲᠠᠯ᠎ᠠ ᠳᠡᠭᠡᠷ᠎ᠡ | ᠮᠠᠰᠢ ᠵᠥᠪ ᠤᠬᠠᠭᠠᠯᠢᠭ ᠰᠢᠢᠳᠪᠦᠷᠢ ᠭᠠᠷᠭᠠᠵᠤ ᠴᠢᠳᠠᠳᠠᠭ ᠨᠢ ᠰᠢᠨᠡᠬᠡᠨ ᠨᠡᠪᠲᠡᠷᠡᠭᠦᠯᠭᠡ ᠪᠠᠷ ᠳᠠᠬᠢᠨ ᠪᠠᠲᠤᠯᠠᠭᠳᠠᠵᠤ | ᠪᠤᠢ᠃ ᠥᠨᠥᠳᠥᠷ ᠴᠠᠬᠢᠮ ᠶᠢᠷᠲᠢᠨᠴᠦ ᠳᠤ ᠵᠠᠯᠠᠭᠤᠰ ᠢᠳᠡᠪᠬᠢ ᠲᠠᠢ ᠪᠣᠯᠤᠭᠰᠠᠨ ᠢᠶᠠᠷ ᠲᠡᠳᠡᠭᠡᠷ ᠵᠠᠯᠠᠭᠤᠰ ᠲᠤ ᠡᠬᠡ | ᠣᠷᠣᠨ ᠢᠶᠠᠨ ᠬᠠᠶᠢᠷᠠᠯᠠᠬᠤ᠂ ᠡᠯᠢᠭᠡᠨ ᠲᠦᠮᠡᠨ ᠢᠶᠠᠨ ᠡᠨᠡᠷᠢᠭᠦ ᠰᠡᠳᠬᠢᠯ ᠤᠨ ᠰᠠᠶᠢᠬᠠᠨ ᠢ ᠶᠠᠭᠤᠲᠠᠢ ᠴᠤ ᠵᠦᠢᠷᠯᠡᠰᠢ | ᠦᠭᠡᠢ ᠶᠢ ᠴᠢ᠊ · ᠪᠤᠯᠠᠭ ᠬᠠᠷᠠᠭᠤᠯᠵᠤ ᠴᠢᠳᠠᠯ᠎ᠠ᠃ ᠨᠡᠪᠲᠡᠷᠡᠭᠦᠯᠭᠡ ᠶᠢᠨ ᠳᠤᠤᠷᠠᠳᠤ ᠲᠠᠯ᠎ᠠ ᠶᠢᠨ ᠰᠡᠳᠬᠢᠭᠳᠡᠯ | ᠦᠯᠡᠳᠡᠭᠡᠬᠦ ᠬᠡᠰᠡᠭ ᠲᠤ ᠨᠢᠭᠡᠨ ᠵᠠᠯᠠᠭᠤ ︽ᠨᠢᠯᠪᠤᠰᠤ ᠶᠢ ᠨᠢ ᠬᠠᠷᠠᠬᠤ ᠬᠡᠴᠡᠭᠦᠦ︾ ᠪᠠᠶᠢᠯ᠎ᠠ ᠭᠡᠵᠦ ᠪᠢᠴᠢᠵᠡᠢ᠃ | ᠮᠣᠩᠭᠤᠯᠴᠤᠳ ᠪ᠊ · ᠪᠠᠰᠠᠩᠵᠠᠪ᠂ ᠰ᠊ · ᠲᠩᠷᠢ᠂ ᠴᠢ᠊ · ᠪᠤᠯᠠᠭ ᠭᠡᠬᠦ ᠬᠦᠮᠦᠰ ᠤᠨ ᠲᠤᠬᠠᠢ ᠶᠡᠭᠡ ᠶᠢ ᠮᠡᠳᠡᠳᠡᠭ | ᠪᠣᠯᠵᠤ᠂ ᠥᠪᠤᠷ ᠮᠣᠩᠭᠤᠯ ᠠᠬᠠᠨ ᠳᠡᠭᠦᠤᠰ ᠢᠶᠠᠨ ᠬᠠᠶᠢᠷᠠᠯᠠᠵᠤ ᠡᠬᠢᠯᠡᠵᠦ ᠪᠠᠶᠢᠨ᠎ᠠ᠃ ᠮᠣᠩᠭᠤᠯ ᠠᠳᠤᠭᠤᠨ ᠤ ᠥᠪ | ᠰᠤᠶᠤᠯ᠂ ᠣᠩᠭᠤᠨ ᠳᠠᠭᠱᠢᠨ ᠪᠠᠶᠢᠭᠠᠯᠢ ᠶᠢᠨ ᠦᠵᠡᠰᠬᠦᠯᠡᠩᠲᠦ ᠲᠥᠷᠬᠦ᠂ ᠦᠨᠳᠦᠰᠦᠳᠡᠨ ᠤ ᠬᠤᠪᠴᠠᠰᠤ ᠪᠠᠷ ᠢᠶᠠᠨ | ᠭᠤᠶᠣᠭᠰᠠᠨ ᠠᠯᠳᠠᠷᠲᠤ ᠨᠤᠭᠤᠳ ᠢ ᠬᠠᠷᠠᠭᠤᠯᠤᠭᠰᠠᠨ ᠪᠣᠭᠤᠨᠢ ᠮᠥᠴᠡᠯᠭᠡ ᠪᠦᠬᠦᠢ ᠵᠢᠷᠤᠭ ᠠᠪᠤᠯᠲᠠ ᠨᠤᠭᠤᠳ ᠢ | ᠬᠤᠷᠳᠤᠨ ᠴᠤᠬᠢᠯᠭ᠎ᠠ ᠲᠠᠢ ᠬᠥᠭᠵᠢᠮ ᠤᠨ ᠠᠶ᠎ᠡ ᠪᠠᠷ ᠴᠢᠮᠡᠭᠯᠡᠭᠰᠡᠨ ᠨᠢ ᠨᠡᠪᠲᠡᠷᠡᠭᠦᠯᠭᠡ ᠶᠢᠨ ᠪᠤᠰᠤᠳ ᠠᠴᠠ | ᠢᠯᠭᠠᠷᠠᠬᠤ ᠭᠤᠣᠯ ᠣᠨᠴᠠᠯᠢᠭ ᠪᠤᠯᠤᠨ᠎ᠡ᠃ | ᠲᠥᠷᠥ ᠶᠢᠨ ᠱᠠᠩᠨᠠᠯᠲᠤ᠂ ᠠᠷᠠᠳ ᠤᠨ ᠤᠷᠠᠨ ᠵᠣᠬᠢᠶᠠᠯᠴᠢ ᠪ᠊ · ᡀᠠᠭᠪᠰᠦ᠋ᠷᠦᠩ ᠲᠠᠢ ᠬᠠᠮᠲᠤ ᠲᠥᠷᠥ ᠶᠢᠨ | ᠰᠣᠶᠣᠷᠬᠠᠯᠳᠤ᠂ ᠠᠷᠠᠳ ᠤᠨ ᠵᠦᠴᠦᠭᠡᠴᠢᠨ ᠨ᠊ · ᠰᠤᠪᠤᠳ ᠨᠡᠪᠲᠡᠷᠡᠭᠦᠯᠭᠡ ᠶᠢ ᠬᠥᠲᠥᠯᠦᠨ ᠶᠠᠪᠤᠭᠤᠯᠤᠭᠰᠠᠨ | ᠪᠠᠶᠢᠨ᠎ᠡ ᠃ ᠡᠭᠦᠨ ᠳᠤ ᠦᠵᠡᠭᠴᠢᠳ ᠤᠨ ᠵᠦᠭ ᠠᠴᠠ ︽ᠬᠥᠲᠥᠯᠥᠭᠴᠢ ᠠᠨᠤᠵᠢᠨ ᠢ ᠰᠠᠨᠠᠵᠤ ᠪᠠᠶᠢᠨ᠎ᠠ ᠰᠢᠦ᠂ | ᠰᠤᠪᠤᠳ ᠭᠤᠸᠠᠢ ᠬᠡᠲᠦ ᠬᠡᠯᠪᠡᠷᠢ ᠶᠤᠮ ᠡ︾ ᠭᠡᠬᠦ ᠵᠡᠷᠭᠡ ᠪᠠᠷ ᠰᠡᠳᠬᠢᠭᠳᠡᠯ ᠢᠶᠠᠨ ᠢᠯᠡᠷᠬᠡᠶᠢᠯᠡᠭᠰᠡᠨ ᠪᠠᠶᠢᠨ᠎ᠡ᠃ | ᠭᠡᠪᠡᠴᠦ ᠥᠪᠡᠷ ᠤᠨ ᠠᠪᠢᠶᠠᠰ᠂ ᠬᠥᠳᠡᠯᠮᠦᠷᠢ ᠶᠢᠨ ᠦᠷ᠎ᠡ ᠪᠠᠷ ᠥᠨᠳᠥᠷ ᠲᠤ ᠬᠦᠷᠦᠭᠰᠡᠨ ᠬᠦᠮᠦᠨ᠂ ᠬᠡᠨ ᠠᠴᠠ | ᠶᠠᠭᠤ ᠠᠰᠠᠭᠤᠬᠤ ᠪᠠᠨ ᠮᠠᠰᠢ ᠰᠠᠶᠢᠨ ᠮᠡᠳᠡᠳᠡᠭ ᠨᠢ ᠨ᠊ · ᠰᠤᠪᠤᠳ ᠭᠤᠸᠠᠢ ᠶᠢᠨ ᠵᠣᠴᠢᠨ ᠠᠴᠠ ᠠᠰᠠᠭᠤᠬᠤ | ᠠᠰᠠᠭᠤᠯᠲᠠ᠂ ᠰᠡᠳᠬᠢᠯ ᠢ ᠨᠢ ᠬᠡᠷᠬᠢᠨ ᠠᠭᠤᠳᠠᠯᠯᠠᠵᠤ᠂ ᠳᠣᠲᠣᠭᠠᠳᠤ ᠶᠢᠷᠳᠢᠨᠴᠤ ᠪᠠᠷ ᠨᠢ ᠦᠵᠡᠭᠴᠢᠳ ᠲᠠᠢ ᠪᠠᠨ | ᠬᠠᠮᠲᠤ ᠠᠶᠠᠯᠠᠵᠤ ᠪᠠᠶᠢᠭ᠎ᠠ ᠠᠴᠠ ᠦᠵᠡᠭᠴᠢᠳ ᠠᠩᠵᠠᠭᠠᠷᠠᠵᠤ ᠬᠠᠷᠠᠭᠰᠠᠨ ᠪᠢᠵᠡ᠃ ᠤᠷᠢᠳᠤ ᠨᠢ ᠪᠡᠯᠡᠳᠬᠡᠵᠦ | ᠲᠥᠯᠥᠪᠯᠡᠭᠡ ᠦᠭᠡᠢ ᠥᠪᠡᠷ ᠤᠨ ᠬᠢ ᠪᠠᠷ ᠢᠶᠠᠨ ᠠᠰᠠᠭᠤᠯᠲᠠ ᠪᠠᠨ ᠲᠠᠯᠪᠢᠵᠤ᠂ ᠵᠣᠴᠢᠨ ᠲᠠᠢ ᠪᠠᠨ ᠰᠢᠭᠤᠳ | ᠶᠠᠷᠢᠯᠴᠠᠭᠰᠠᠨ ᠨᠢ ᠬᠠᠷᠠᠭᠳᠠᠨ᠎ᠠ᠃ ᠳᠡᠭᠡᠷ᠎ᠡ ᠨᠢ ᠴᠢ᠊ · ᠪᠤᠯᠠᠭ ᠬᠡᠨ ᠤ ᠲᠠᠯ᠎ᠠ ᠪᠠᠷ ᠶᠠᠷᠢᠬᠤ ᠭᠡᠳ ᠪᠠᠶᠢᠭ᠎ᠠ ᠶᠢ | ᠤᠷᠢᠳ ᠠᠴᠠ ᠨᠢ ᠲᠠᠭᠠᠪᠤᠷᠢᠯᠠᠨ ᠬᠡᠯᠡᠵᠦ ᠴᠢᠳᠠᠵᠤ ᠪᠠᠶᠢᠨ᠎ᠠ ᠭᠡᠳᠡᠭ ᠬᠥᠲᠥᠯᠥᠭᠴᠢ ᠶᠢᠨ ᠠᠰᠤᠷᠤ ᠪᠠᠶᠠᠯᠢᠭ ᠮᠡᠳᠡᠯᠭᠡ | ᠂ ᠮᠡᠳᠡᠭᠡᠯᠡᠯ ᠲᠠᠢ ᠶᠢ ᠬᠠᠷᠠᠭᠤᠯᠵᠤ ᠪᠤᠢ ᠬᠡᠷᠡᠭ᠃ ᠲᠡᠭᠡᠭᠡᠳ ᠴᠤ ᠮᠡᠳᠡᠬᠦ ᠦᠭᠡᠢ ᠵᠦᠢᠯ ᠤᠨ ᠢᠶᠠᠨ ᠲᠠᠯ᠎ᠠ ᠪᠠᠷ | ᠠᠰᠠᠭᠤᠵᠤ ᠶᠠᠷᠢᠬᠤ ᠦᠭᠡᠢ ᠪᠠᠶᠢᠭ᠎ᠠ ᠨᠢ ᠮᠠᠰᠢ ᠲᠣᠮᠣ ᠰᠤᠶᠤᠯ᠃ ᠤᠭ ᠳ᠋ᠤᠭᠠᠷ ᠲᠤ ᠭᠠᠭᠴᠠ ᠴᠢ᠊ · ᠪᠤᠯᠠᠭ | ᠭᠡᠬᠦ ᠬᠦᠮᠦᠨ ᠢ ᠮᠣᠩᠭᠤᠯᠴᠤᠳ ᠲᠤ ᠲᠠᠨᠢᠭᠤᠯᠤᠭᠰᠠᠨ ᠭᠡᠵᠦ ᠳ᠋ᠦᠩᠨᠡᠪᠡᠯ ᠮᠠᠰᠢ ᠲᠣᠮᠣ ᠠᠯᠳᠠᠭ᠎ᠠ ᠪᠣᠯᠤᠨ᠎ᠠ᠃ | ᠤᠴᠢᠷ ᠨᠢ ᠲᠡᠭᠦᠨ ᠤ ︽ᠨᠡᠷᠡᠲᠦ ᠮᠣᠷᠢᠨ ᠬᠤᠭᠤᠷᠴᠢ︾ ᠬᠡᠮᠡᠬᠦ ᠪᠠᠷᠤᠭ ᠣᠪᠤᠭ ᠨᠢ ᠪᠣᠯᠤᠭᠰᠠᠨ ᠭᠡᠮᠡᠷ ᠴᠣᠯᠠ | ᠬᠡᠷᠭᠡᠮ ᠢ ᠰᠠᠨᠠᠬᠤ ᠬᠡᠷᠡᠭᠲᠡᠢ᠃ ᠲᠡᠶᠢᠮᠦ ᠠᠴᠠ ᠳᠠᠩ ᠭᠠᠭᠴᠠ ᠮᠣᠩᠭᠤᠯᠴᠤᠳ ᠪᠤᠰᠤ ᠳᠡᠯᠡᠬᠡᠢ ᠶᠢᠨ ᠣᠯᠠᠨ | ᠦᠵᠡᠭᠴᠢᠳ ᠲᠤ ᠮᠣᠷᠢᠨ ᠬᠤᠭᠤᠷ ᠤᠨ ᠤᠷᠠᠨ ᠢᠷᠠᠭᠤ ᠶᠢ᠂ ᠦᠨᠳᠦᠰᠦᠳᠡᠨ ᠤ ᠬᠥᠭᠵᠢᠮ ᠤᠨ ᠢᠶᠠᠨ | ᠭᠠᠶᠢᠬᠠᠮᠰᠢᠭ ᠢ ᠰᠤᠷᠲᠠᠯᠴᠢᠯᠠᠨ ᠲᠠᠨᠢᠭᠤᠯᠤᠭᠰᠠᠨ ᠳᠤ ᠨᠡᠪᠲᠡᠷᠡᠭᠦᠯᠭᠡ ᠶᠢᠨ ᠬᠤᠶᠠᠳᠡᠬᠢ ᠵᠣᠷᠢᠯᠭ᠎ᠠ ᠣᠷᠣᠰᠢᠨ᠎ᠠ᠃ | ᠥᠭᠡᠷ᠎ᠡ ᠤᠯᠤᠰ ᠭᠦᠷᠦᠨ ᠤ ᠬᠦᠮᠦᠰ ᠴᠤ ᠠᠶᠠᠯᠭᠤ ᠶᠢ ᠨᠢ ᠰᠣᠨᠣᠰᠤᠭᠠᠳ ᠰᠡᠳᠬᠢᠯ ᠨᠢ ᠤᠶᠠᠷᠠᠲᠠᠭ ᠡᠭᠡᠰᠢᠭ | ᠢᠷᠠᠭᠤ ᠬᠥᠭᠵᠢᠮ ᠪᠣᠯ ᠮᠣᠷᠢᠨ ᠬᠤᠭᠤᠷ᠃ ᠨᠠᠶᠢᠷᠠᠭᠤᠯᠤᠭᠴᠢ ᠪ᠊ · ᠪᠠᠭᠠᠲᠤᠷ ᠰᠢᠨ᠎ᠡ ᠴᠠᠭ ᠤᠨ ᠵᠠᠯᠠᠭᠤᠰ ᠢ ᠡᠬᠡ | ᠬᠡᠯᠡ ᠪᠠᠨ ᠳᠡᠭᠡᠳᠦᠯᠡᠳᠡᠭ᠂ ᠦᠰᠦᠨ ᠤ ᠵᠠᠰᠠᠯᠲᠠ ᠪᠠᠷ ᠪᠤᠰᠤ ᠦᠨᠳᠦᠰᠦᠳᠡᠨ ᠤ ᠶᠣᠰᠣ ᠵᠠᠩᠰᠢᠯ ᠢᠶᠠᠨ ᠮᠡᠳᠡᠳᠡᠭ᠂ | ᠲᠡᠭᠦᠪᠡᠷ ᠭᠠᠩᠭᠠᠷᠠᠳᠠᠭ ᠪᠠᠶᠢᠭᠠᠰᠠᠢ ᠭᠡᠰᠡᠨ ᠬᠦᠰᠡᠯ ᠢ ᠳᠣᠲᠣᠷ᠎ᠠ ᠪᠠᠨ ᠠᠭᠤᠯᠵᠤ ᠪᠤᠢ ᠨᠢ ᠲᠣᠳᠣᠷᠬᠠᠢ ᠬᠠᠷᠠᠭᠳᠠᠨ᠎ᠠ᠃ | ᠮᠡᠳᠡᠭᠡᠵᠢ ᠰᠡᠳᠬᠦᠯ ᠵᠦᠢ ᠶᠢᠨ ︽ᠬᠥᠷᠥᠭ ᠶᠠᠷᠢᠯᠴᠠᠯᠭ᠎ᠠ︾ ᠶᠢᠨ ᠲᠥᠷᠥᠯ᠂ ᠵᠢᠷᠤᠭ ᠠᠪᠤᠯᠲᠠ ᠨᠤᠭᠤᠳ ᠨᠢ | ᠥᠪᠡᠷ ᠤᠨ ᠭᠡᠰᠡᠨ ᠳᠦᠷᠢᠮ ᠲᠠᠢ᠃ ᠭᠡᠲᠡᠯ᠎ᠡ ᠨᠠᠶᠢᠷᠠᠭᠤᠯᠤᠭᠴᠢ ᠲᠣᠳᠣᠷᠬᠠᠢ ᠬᠡᠯᠪᠡᠷᠢ ᠳᠤ ᠪᠠᠷᠢᠭᠳᠠᠯ ᠦᠭᠡᠢ ᠪᠠᠷ | ᠴᠣ ᠰᠢᠨ᠎ᠡ ᠵᠦᠢᠯ ᠢ ᠪᠤᠢ ᠪᠣᠯᠭᠠᠵᠤ᠂ ᠲᠧᠯᠸᠢᠰ ᠤᠨ ᠨᠡᠪᠲᠡᠷᠡᠭᠦᠯᠭᠡ ᠳᠤ ᠰᠢᠨᠡᠴᠢᠯᠡᠯ ᠬᠢᠵᠦ ᠴᠢᠳᠠᠵᠤ ᠪᠠᠶᠢᠨ᠎ᠠ᠃ | ᠡᠨᠡ ᠨᠢ ᠵᠣᠴᠢᠨ ᠤ ᠪᠠᠨ ᠤᠷ᠎ᠠ ᠴᠢᠳᠠᠪᠤᠷᠢ᠂ ᠳᠡᠭᠡᠳᠦᠯᠡᠳᠡᠭ ᠡᠷᠬᠢᠮ ᠵᠦᠢᠯ᠂ ᠠᠪᠢᠶᠠᠰ ᠪᠢᠯᠢᠭ ᠢᠶᠠᠷ ᠨᠢ | ᠳᠠᠮᠵᠢᠭᠤᠯᠵᠤ ᠥᠪ ᠰᠤᠶᠤᠯ ᠢᠶᠠᠨ ᠪᠤᠰᠤᠳ ᠲᠤ ᠲᠠᠨᠢᠭᠤᠯᠬᠤ᠂ ᠲᠦᠭᠡᠭᠡᠨ ᠳᠡᠯᠭᠡᠷᠡᠭᠦᠯᠬᠦ ᠭᠡᠰᠡᠨ ᠰᠠᠨᠠᠭ᠎ᠠ ᠨᠢ ᠶᠤᠮ | ᠃ | ᠨᠡᠪᠲᠡᠷᠡᠭᠦᠯᠭᠡ ᠶᠢᠨ ᠲᠡᠭᠦᠰᠬᠡᠯ ᠳᠤ ᠴᠢ᠊ · ᠪᠤᠯᠠᠭ ︽ᠡᠪᠦᠭᠡ ᠳᠡᠭᠡᠳᠦᠰ ᠴᠢᠩᠭᠢᠰ ᠬᠠᠭᠠᠨ ᠮᠢᠨᠢ ᠳᠡᠯᠡᠬᠡᠢ ᠶᠢ | ᠥᠪᠡᠷ ᠤᠨ ᠢᠶᠠᠨ ᠲᠠᠯ᠎ᠠ ᠨᠤᠲᠤᠭ ᠭᠡᠵᠦ ᠪᠣᠳᠣᠵᠤ ᠶᠠᠪᠤᠭᠰᠠᠨ᠃ ᠪᠢ ᠳᠡᠯᠡᠬᠡᠢ ᠶᠢ ᠮᠣᠷᠢᠨ ᠬᠤᠭᠤᠷ ᠤᠨ ᠢᠶᠠᠨ | ᠲᠠᠶᠢᠰᠠ ᠭᠡᠵᠦ ᠪᠣᠳᠣᠳᠠᠭ︾ ᠬᠡᠮᠡᠨ ᠬᠡᠯᠡᠭᠰᠡᠨ ᠢ ᠣᠨᠴᠠᠯᠠᠬᠤ ᠨᠢ ᠵᠦᠢ ᠶᠣᠰᠣᠨ ᠤ ᠬᠡᠷᠡᠭ᠃ ᠪᠢᠳᠡ ᠡᠬᠡ | ᠳᠡᠯᠡᠬᠡᠢ ᠶᠢᠨ ᠲᠦᠮᠡᠨ ᠠᠮᠢᠲᠠᠨ ᠤ ᠤᠴᠢᠷ ᠶᠠᠪᠤᠳᠠᠯ ᠢ ᠬᠤᠶᠠᠷᠬᠠᠨ ᠴᠢᠪᠬᠠᠳᠠᠰᠤᠨ ᠳᠤ ᠪᠠᠭᠲᠠᠭᠠᠨ ᠬᠦᠦᠷᠨᠢᠵᠦ | ᠴᠢᠳᠠᠳᠠᠭ ᠭᠠᠶᠢᠬᠠᠮᠰᠢᠭᠳᠤ ᠬᠥᠭᠵᠢᠮ ᠪᠣᠯᠬᠤ ᠮᠣᠷᠢᠨ ᠬᠤᠭᠤᠷ ᠤᠨ ᠡᠵᠡᠨ ᠨᠢ ᠪᠣᠯᠵᠤ ᠲᠦᠷᠦᠭᠰᠡᠨ ᠦᠨᠳᠦᠰᠦᠲᠡᠨ᠃ | ᠦᠨᠳᠦᠰᠦᠳᠡᠨ ᠤ ᠪᠠᠭ᠋ᠠᠷᠬᠠᠯ ᠪᠣᠯᠤᠭᠰᠠᠨ ᠬᠥᠭᠵᠢᠮ ᠤᠨ ᠢᠷᠠᠭᠤ ᠲᠠᠩᠰᠤᠭ ᠡᠭᠡᠰᠢᠭ ᠢ ᠪᠤᠰᠤᠳ ᠲᠤ ᠲᠠᠨᠢᠭᠤᠯᠵᠤ | ᠂ ᠠᠯᠬᠤᠮ ᠪᠦᠷᠢ ᠳᠡᠭᠡᠨ ᠰᠢᠨ᠎ᠡ ᠰᠠᠨᠠᠭ᠎ᠠ ᠶᠢ ᠡᠷᠢᠯᠬᠢᠯᠡᠵᠦ ᠶᠠᠪᠤᠭᠰᠠᠨ ᠠᠴᠠ ᠪᠤᠰᠤ ᠠᠷᠤᠭᠰᠢ ᠬᠠᠷᠠᠵᠤ ᠰᠠᠭᠤᠭ᠎ᠠ | ᠦᠭᠡᠢ ︽ᠮᠣᠩᠭᠤᠯ ᠲᠤᠯᠭᠠᠲᠠᠨ︾ ᠲᠥᠰᠥᠯ ᠤᠨ ᠬᠠᠮᠲᠤ ᠤᠯᠠᠨ ᠳᠤ ᠲᠠᠯᠠᠷᠬᠠᠯ ᠢᠯᠡᠷᠬᠡᠶᠢᠯᠡᠬᠦ ᠤᠴᠢᠷᠲᠠᠢ᠃ ︵ | ᠮᠤᠩᠭᠤᠯ ᠤᠨ ᠰᠦᠯᠵᠢᠶ᠎ᠡ ᠠᠴᠠ ᠵᠤᠯᠠ ᠭᠦᠷᠪᠡᠭᠦᠯᠪᠠ︶ |