ᠠ᠊ · ᠤᠳᠼᠠᠷ᠂ 1924 ᠤᠨ ᠳᠤ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠳᠤ | ᠳᠦᠷᠦᠵᠠᠢ ᠃ 1946 ᠤᠨ ᠤ 5 ᠰᠠᠷ᠎ᠠ ᠳᠤ ᠬᠤᠪᠢᠰᠬᠠᠯ ᠳᠤ ᠤᠷᠤᠯᠴᠠᠵᠤ᠂ 1946 ᠤᠨ ᠤ 10 ᠰᠠᠷ᠎ᠠ ᠳᠤ | ᠳᠤᠮᠳᠠᠳᠤ ᠤᠯᠤᠰ ᠤᠨ ᠠᠷᠠᠳ ᠤᠨ ᠴᠢᠯᠦᠭᠡᠯᠡᠭᠦ ᠴᠡᠷᠢᠭ ᠲᠤ ᠤᠷᠤᠵᠦ᠂ 1947 ᠤᠨ ᠤ 9 ᠰᠠᠷ᠎ᠠ ᠳᠤ ᠳᠤᠮᠳᠠᠳᠤ | ᠤᠯᠤᠰ ᠤᠨ ᠡᠪ ᠬᠠᠮᠳᠤ ᠨᠠᠮ ᠳᠤ ᠡᠯᠰᠡᠭᠳᠡᠪᠡ᠃ ᠤᠷᠢᠳ ᠬᠤᠵᠢᠳ ᠦᠪᠤᠷ ᠮᠤᠩᠭᠤᠯ ᠤᠨ ᠮᠤᠷᠢᠳᠤ ᠴᠡᠷᠢᠭ ᠤᠨ | ᠤᠯᠤᠰ ᠳᠦᠷᠦ ᠶᠢᠨ ᠭᠠᠵᠠᠷ ᠤᠨ ᠡᠷᠭᠢᠯᠡᠭᠴᠢ᠂ ᠪᠠᠷᠢᠭᠠᠳ᠋ ᠤᠨ ᠤᠬᠠᠭᠤᠯᠭ᠎ᠠ ᠶᠢᠨ ᠳᠠᠰᠤᠭ ᠤᠨ ᠳᠠᠷᠤᠭ᠎ᠠ᠂ | ᠤᠬᠠᠭᠤᠯᠭ᠎ᠠ ᠶᠢᠨ ᠰᠠᠯᠠᠭᠠᠨ ᠤ ᠳᠠᠷᠤᠭ᠎ᠠ᠂ ᠴᠡᠷᠢᠭ ᠤᠨ ᠳᠤᠭᠤᠷᠢᠭ ᠤᠨ ᠤᠷᠠᠯᠢᠭ ᠤᠨ ᠪᠦᠯᠭᠦᠮ ᠤᠨ ᠳᠠᠷᠤᠭ᠎ᠠ | ᠵᠡᠷᠭᠡ ᠳᠤᠰᠢᠶᠠᠯ ᠢ ᠡᠭᠦᠷᠭᠡᠯᠡᠵᠦ᠂1957 ᠤᠨ ᠤ 10 ᠰᠠᠷ᠎ᠠ ᠳᠤ ᠴᠡᠷᠢᠭ ᠠᠩᠭᠢ ᠠᠴᠠ ᠬᠠᠯᠠᠭᠳᠠᠭᠰᠠᠨ ᠤ | ᠳᠠᠷᠠᠭ᠎ᠠ᠂ ᠦᠪᠤᠷ ᠮᠤᠩᠭᠤᠯ ᠤᠨ ᠵᠤᠭᠢᠶᠠᠯᠴᠢᠳ ᠤᠨ ᠡᠪᠯᠡᠯ ᠤᠨ ᠳᠠᠷᠢᠭᠦᠯᠡᠭᠴᠢ᠂ ᠳᠡᠳ᠋ ᠳᠠᠷᠢᠭᠦᠯᠡᠭᠴᠢ︔ ᠦᠪᠤᠷ | ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠳᠡᠳ᠋ ᠳᠠᠷᠢᠭᠦᠯᠡᠭᠴᠢ᠂ ᠦᠪᠤᠷ ᠮᠤᠩᠭᠤᠯ ᠤᠨ | ᠤᠳᠬ᠎ᠠ ᠤᠷᠠᠯᠢᠭ ᠤᠨ ᠬᠢᠨ ᠤ ᠬᠤᠯᠪᠤᠭ᠎ᠠ ᠪᠠ ᠦᠪᠤᠷ ᠮᠤᠩᠭᠤᠯ ᠤᠨ ᠵᠤᠭᠢᠶᠠᠯᠴᠢᠳ ᠤᠨ ᠡᠪᠯᠡᠯ ᠤᠨ ᠨᠠᠷᠠ | ᠭᠦᠨᠳᠤᠳᠤ ᠳᠠᠷᠢᠭᠦᠯᠡᠭᠴᠢ︔ ᠳᠤᠮᠳᠠᠳᠤ ᠤᠯᠤᠰ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠭᠡᠰᠢᠭᠦᠨ | ᠵᠡᠷᠭᠡ ᠡᠭᠦᠷᠭᠡ ᠳᠤᠰᠢᠶᠠᠯ ᠢ ᠡᠭᠦᠷᠭᠡᠯᠡᠵᠦ ᠶᠠᠪᠤᠪᠠ᠃ ᠳᠤᠮᠳᠠᠳᠤ ᠤᠯᠤᠰ ᠤᠨ ᠵᠤᠭᠢᠶᠠᠯᠴᠢᠳ ᠤᠨ ᠡᠪᠯᠡᠯ ᠤᠨ | ᠭᠤᠷᠪᠠᠳᠤᠭᠠᠷ᠂ ᠳᠦᠷᠪᠡᠳᠦᠭᠡᠷ ᠬᠤᠭᠤᠴᠠᠭᠠᠨ ᠤ ᠭᠡᠷᠡᠭ ᠡᠷᠭᠢᠯᠡᠭᠴᠢ᠂ ᠳᠠᠪᠤᠳᠤᠭᠠᠷ᠂ ᠵᠢᠷᠭᠤᠳᠤᠭᠠᠷ | ᠬᠤᠭᠤᠴᠠᠭᠠᠨ ᠤ ᠪᠦᠭᠦ ᠤᠯᠤᠰ ᠤᠨ ᠭᠡᠰᠢᠭᠦᠨ᠂ ᠨᠠᠷᠠ ᠭᠦᠨᠳᠤᠳᠤ ᠭᠡᠰᠢᠭᠦᠨ ᠪᠠᠶᠢᠪᠠ᠃ 1948 ᠤᠨ ᠠᠴᠠ | ᠡᠭᠢᠯᠡᠨ ᠤᠷᠠᠨ ᠵᠤᠭᠢᠶᠠᠯ ᠤᠳᠬ᠎ᠠ ᠤᠷᠠᠯᠢᠭ ᠤᠨ ᠵᠤᠭᠢᠶᠠᠨ ᠪᠦᠳᠦᠭᠡᠯᠭᠡ ᠭᠢᠵᠦ᠂ 1956 ᠤᠨ ᠳᠤ ᠳᠤᠮᠳᠠᠳᠤ | ᠤᠯᠤᠰ ᠤᠨ ᠵᠤᠭᠢᠶᠠᠯᠴᠢᠳ ᠤᠨ ᠡᠪᠯᠡᠯ ᠭᠢᠭᠡᠳ ᠳᠤᠮᠳᠠᠳᠤ ᠤᠯᠤᠰ ᠤᠨ ᠰᠢ ᠵᠦᠴᠦᠭᠡᠴᠢᠳ ᠤᠨ ᠨᠡᠶᠢᠭᠡᠮᠯᠢᠭ ᠲᠤ | ᠤᠷᠤᠵᠦ᠂ 1984 ᠤᠨ ᠳᠤ ᠤᠯᠤᠰ ᠤᠨ ᠨᠢᠭᠡᠳᠦᠭᠡᠷ ᠳᠡᠰ ᠤᠨ ᠵᠤᠭᠢᠶᠠᠯᠴᠢ ᠪᠠᠷ ᠦᠨᠡᠯᠡᠭᠳᠡᠵᠡᠢ᠃ | ᠠ᠊ · ᠤᠳᠼᠠᠷ ᠪᠤᠯ ᠮᠠᠨ ᠤ ᠤᠯᠤᠰ ᠤᠨ ᠤᠳᠤ ᠦᠶ᠎ᠠ ᠶᠢᠨ ᠮᠤᠩᠭᠤᠯ ᠦᠨᠳᠤᠰᠤᠳᠡᠨ ᠤ ᠳᠤᠭᠤᠵᠢᠰ ᠤᠨ | ᠵᠤᠭᠢᠶᠠᠯᠴᠢᠳ ᠤᠨ ᠭᠠᠷᠮᠠᠭᠠᠢ ᠳᠦᠯᠦᠭᠡᠯᠡᠭᠴᠢ᠂ ᠮᠤᠩᠭᠤᠯ ᠦᠨᠳᠤᠰᠤᠳᠡᠨ ᠤ ᠰᠢᠨ᠎ᠠ ᠤᠷᠠᠨ ᠵᠤᠭᠢᠶᠠᠯ ᠤᠨ | ᠰᠠᠭᠤᠷᠢᠯᠠᠭᠴᠢ ᠶᠢᠨ ᠨᠢᠭᠡ᠂ ︽ᠳᠤᠮᠳᠠᠳᠤ ᠤᠯᠤᠰ ᠤᠨ ᠶᠡᠭᠡ ᠨᠠᠪᠳᠠᠷᠭᠡᠢ ᠳᠤᠯᠢ︾ ᠳᠤ ᠰᠤᠩᠭᠤᠭᠳᠠᠭᠰᠠᠨ | ᠵᠤᠭᠢᠶᠠᠯᠴᠢ ᠶᠢᠨ ᠨᠢᠭᠡ ᠪᠤᠯᠤᠨ᠎ᠠ᠃ ᠲᠠᠪᠢᠭᠠᠳ ᠵᠢᠯ ᠤᠨ ᠲᠤᠷᠰᠢ᠂ ᠳᠠᠷᠠ ᠷᠤᠮᠠᠨ᠂ ᠳᠤᠭᠤᠵᠢ᠂ ᠦᠭᠦᠯᠡᠯᠭᠡ᠂ | ᠨᠠᠶᠢᠷᠠᠭᠤᠯᠤᠯ᠂ ᠤᠳᠬ᠎ᠠ ᠤᠷᠠᠯᠢᠭ ᠤᠨ ᠤᠨᠤᠯ ᠰᠢᠭᠦᠮᠵᠢ᠂ ᠶᠠᠷᠢᠶᠠᠳᠤ ᠵᠦᠴᠦᠭᠡ᠂ ᠳᠠᠭᠤᠯᠠᠯᠳᠤ ᠵᠦᠴᠦᠭᠡ᠂ ᠺᠢᠨᠤ᠋ | ᠶᠢᠨ ᠤᠷᠠᠨ ᠵᠤᠭᠢᠶᠠᠯ ᠵᠡᠷᠭᠡ ᠡᠯ᠎ᠠ ᠳᠦᠷᠦᠯ ᠰᠲ᠋ᠧᠯᠢ ᠪᠠᠷ30 ᠳᠡᠪᠳᠡᠷ ᠵᠤᠭᠢᠶᠠᠨ ᠪᠦᠳᠦᠭᠡᠵᠦ᠂ ᠨᠡᠶᠢᠳᠡ ᠦᠰᠦᠭ | ᠤᠨ ᠲᠤᠭ᠎ᠠ ︵ᠮᠤᠩᠭᠤᠯ᠂ ᠭᠢᠳᠡᠳ ᠭᠡᠯᠡᠨ ᠤ ᠵᠤᠭᠢᠶᠠᠯ ᠪᠦᠷ ᠪᠠᠭᠳᠠᠨ᠎ᠠ︶ ᠨᠢ 800 ᠭᠠᠷᠤᠢ ᠳᠦᠮᠨ ᠭᠦᠷᠴᠡᠢ᠃ | ᠨᠠᠨᠳᠢᠩᠨᠠᠭᠤᠰᠢᠳᠠᠢ ᠨᠢ᠂ ᠳᠡᠭᠦᠨ ᠤ ᠵᠤᠭᠢᠶᠠᠯ ᠪᠦᠳᠦᠭᠡᠯ ᠨᠢ ᠴᠦᠮ ᠭᠢᠳᠠᠳ᠂ ᠮᠤᠩᠭᠤᠯ ᠬᠤᠶᠠᠷ ᠭᠡᠯᠡ ᠪᠠᠷ | ᠵᠤᠭᠢᠶᠠᠭᠳᠠᠵᠦ ᠭᠡᠪᠯᠡᠭᠳᠡᠭᠰᠨᠨ ᠶᠠᠪᠤᠳᠠᠯ ᠪᠤᠯᠤᠨ᠎ᠠ᠃ ᠡᠭᠦᠨ ᠳᠤ ︽ᠠᠯᠤᠰ ᠤᠨ ᠭᠤᠪᠢ︾᠂ ︽ᠮᠤᠷᠢᠳᠤ ᠴᠡᠷᠢᠭ ᠤᠨ | ᠳᠠᠭᠤᠯᠠᠯ︾᠂ ︽ᠰᠠᠷᠠᠨ ᠨᠠᠭᠤᠷ ᠤᠨ ᠭᠡᠦᠭᠡᠨ︾ ᠵᠡᠷᠭᠡ ᠮᠠᠰᠢ ᠤᠯᠠᠨ ᠵᠤᠭᠢᠶᠠᠯ ᠪᠦᠳᠦᠭᠡᠯ ᠨᠢ ᠨᠡᠩ ᠴᠤ ᠦᠷᠭᠡᠨ | ᠤᠯᠠᠨ ᠤᠩᠰᠢᠬᠴᠢ ᠶᠢᠨ ᠬᠠᠯᠠᠭᠤᠨ ᠭᠦᠷᠢᠶᠡᠯᠡᠯ ᠢ ᠤᠯᠤᠭᠰᠠᠨ ᠶᠤᠮ᠃ ᠦᠪᠤᠷ ᠮᠤᠩᠭᠤᠯ ᠤᠨ ᠰᠤᠶᠤᠯ ᠤᠨ ᠬᠡᠪᠯᠡᠯ | ᠤᠨ ᠬᠤᠷᠢᠶ᠎ᠠ ︽ᠠ᠊ · ᠤᠳᠼᠠᠷ ᠤᠨ ᠵᠤᠭᠢᠶᠠᠯ ᠤᠨ ᠳᠡᠭᠦᠪᠤᠷᠢ︾ ᠭᠡᠮᠡᠨ ᠭᠢᠳᠡᠳ ᠢᠶᠠᠷ 12 ᠪᠤᠳᠢ᠂ ᠮᠤᠩᠭᠤᠯ | ᠢᠶᠠᠷ 10 ᠪᠤᠳᠢ ᠭᠡᠪᠯᠡᠬᠦᠯᠵᠦ᠂ ᠳᠡᠭᠦᠨ ᠤ ᠪᠠᠷᠤᠭ ᠪᠤᠢ ᠪᠦᠬᠦᠢ ᠵᠤᠬᠢᠶᠠᠯ ᠪᠦᠳᠦᠭᠡᠯ ᠢ ᠬᠠᠮᠤᠷᠤᠨ ᠤᠷᠤᠭᠤᠯᠵᠠᠢ᠃ | ᠳᠡᠭᠦᠨ ᠤ ᠴᠦᠭᠡᠨ ᠪᠤᠰᠤ ᠵᠤᠭᠢᠶᠠᠯ ᠪᠦᠳᠦᠭᠡᠯ ᠨᠢ ᠠᠩᠭ᠍ᠯᠢ᠂ ᠹᠷᠠᠨᠼᠢ᠂ ᠶᠠᠫᠤᠨ᠂ ᠢᠲ᠋ᠠᠯᠢ᠂ ᠬᠠᠰᠠᠭ᠂ | ᠰᠤᠯᠤᠩᠭᠤᠰ ᠭᠡᠯᠠᠨ ᠳᠤ ᠤᠷᠴᠢᠭᠤᠯᠤᠭᠳᠠᠭᠰᠨᠨ ᠪᠠ ᠺᠢᠷᠢᠯ ᠦᠰᠦᠭ ᠲᠤ ᠭᠦᠷᠪᠡᠭᠦᠯᠦᠭᠳᠡᠵᠦ᠂ ᠤᠯᠤᠰ ᠤᠨ | ᠳᠤᠳᠤᠭᠠᠳᠤ ᠭᠠᠳᠠᠭᠠᠳᠤ ᠳᠤ ᠭᠡᠪᠯᠡᠭᠳᠡᠨ ᠳᠠᠷᠬᠠᠭᠠᠭᠳᠠᠵᠠᠢ᠃ ᠡᠨᠡ ᠨᠢ ᠦᠪᠠᠷᠳᠡᠭᠡᠨ ᠵᠠᠰᠠᠬᠤ ᠤᠷᠤᠨ ᠤ ᠤᠳᠬ᠎ᠠ | ᠵᠤᠭᠢᠶᠠᠯ ᠤᠨ ᠦᠢᠯᠡᠰ ᠤᠨ ᠴᠡᠴᠡᠭᠯᠡᠯ ᠮᠠᠨᠳᠤᠯ ᠳᠤ ᠳᠤᠪᠤᠶᠢᠮ᠎ᠠ ᠵᠢᠳᠭᠦᠯ ᠦᠵᠡᠭᠦᠯᠵᠦ᠂ ᠡᠭᠡ ᠤᠯᠤᠰ ᠤᠨ | ᠦᠨᠳᠤᠰᠤᠳᠡᠨ ᠤ ᠤᠷᠠᠨ ᠵᠤᠭᠢᠶᠠᠯ ᠤᠨ ᠳᠡᠦᠭᠡᠨ ᠳᠤ ᠭᠦᠨᠳᠤᠭᠡᠨ ᠵᠢᠩ ᠲᠠᠢ ᠬᠠᠭᠤᠳᠠᠰᠤ ᠶᠢ ᠨᠡᠮᠡᠷᠢᠯᠡᠵᠡᠢ᠃ | ᠦᠪᠠᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 50 ᠵᠢᠯ ᠤᠨ ᠤᠢ ᠶᠢᠨ ᠦᠶ᠎ᠠ ᠳᠤ ᠳᠠᠷᠠ ᠦᠪᠠᠷᠳᠡᠭᠡᠨ | ᠵᠠᠰᠠᠬᠤ ᠤᠷᠤᠨ ᠤ ᠤᠳᠬ᠎ᠠ ᠵᠤᠭᠢᠶᠠᠯ ᠤᠷᠠᠯᠢᠭ ᠤᠨ ᠬᠠᠮᠤᠭ ᠤᠨ ᠦᠨᠳᠤᠷ ᠱᠠᠩᠨᠠᠯ — ᠠᠩᠬᠠᠳᠤᠭᠠᠷ | ᠬᠤᠭᠤᠴᠠᠭᠠᠨ ᠤ ︽ᠳᠤᠪᠤᠶᠢᠮ᠎ᠠ ᠬᠤᠪᠢ ᠨᠠᠮᠠᠷᠢ ᠶᠢᠨ ᠱᠠᠩᠨᠠᠯ︾ ᠢ ᠭᠦᠷᠳᠡᠪᠠ᠃ ᠠ᠊ · ᠤᠳᠼᠠᠷ ᠭᠤᠸᠠᠢ | ᠱᠠᠩᠨᠠᠯ ᠤᠨ ᠮᠦᠩᠭᠦ ᠪᠠᠨ ᠪᠦᠭᠦᠨ ᠢ ᠦᠪᠤᠷ ᠮᠤᠩᠭᠤᠯ ᠤᠨ ᠤᠳᠬ᠎ᠠ ᠤᠷᠠᠯᠢᠭ ᠤᠨ ᠰᠠᠭᠤᠷᠢ ᠮᠦᠩᠭᠦᠨ ᠤ | ᠨᠠᠶᠢᠭᠡᠮᠯᠢᠭ ᠲᠤ ᠡᠷᠭᠦᠵᠤ᠂ ᠰᠠᠭᠤᠷᠢ ᠮᠦᠩᠭᠦᠨ ᠤ ᠨᠡᠶᠢᠭᠡᠮᠯᠢᠭ ᠨᠢ ᠳᠡᠭᠦᠨ ᠤ ᠨᠠᠷᠠ ᠪᠠᠷ ᠨᠠᠷᠠᠶᠢᠳᠦᠭᠰᠡᠨ ︽ᠠ᠊ · | ᠤᠳᠼᠠᠷ ᠤᠳᠬ᠎ᠠ ᠵᠤᠭᠢᠶᠠᠯ ᠤᠨ ᠱᠠᠩᠨᠠᠯ︾ ᠢ ᠭᠠᠷᠭᠠᠵᠠᠢ᠃ |